ᠯ ᠊ ᠲᠥᠳᠥᠪ : ᠵᠡᠰ-ᠡᠷᠡᠭᠦᠯ ᠮᠡᠨᠳᠦ ᠶᠢᠨ ᠤᠯᠠᠭᠠᠨ ᠠᠯᠲᠠ
ᠵᠡᠰ ᠡᠶᠢᠮᠦ ᠢᠳᠡ ᠰᠢᠳᠢ ᠲᠡᠢ ᠶᠤᠮ ᠰᠢᠭ ᠨᠥᠯᠦᠭᠡᠯᠡᠳᠡᠭ ᠦᠨ ᠤᠴᠢᠷ ᠨᠢ ᠬᠦᠮᠦᠨ ᠦ ᠪᠡᠶ᠎ᠡ ᠮᠠᠬᠠᠪᠣᠳ ᠲᠤ ᠵᠡᠰ ᠲᠤᠩ ᠪᠠᠭ᠎ᠠ ᠲᠤᠯᠠ ᠮᠢᠯᠢᠭ᠍ᠷᠠᠮ ᠤᠨ ᠬᠡᠮᠵᠢᠶᠡᠨ ᠦ ᠵᠡᠰ ᠦᠨ ᠨᠥᠯᠥᠭᠡ ᠴᠢᠬᠤᠯᠠ᠃ ᠬᠦᠮᠦᠨ ᠦ ᠪᠡᠶ᠎ᠡ ᠮᠠᠬᠠᠪᠣᠳ ᠲᠤ ᠠᠭᠤᠯᠤᠭᠳᠠᠳᠠᠭ ᠵᠡᠰ ᠨᠢ᠄
-ᠵᠢᠷᠦᠬᠡᠨ ᠦ ᠠᠵᠢᠯᠯᠠᠭ᠎ᠠ ᠶᠢ ᠵᠣᠬᠢᠴᠠᠭᠤᠯᠵᠤ
-ᠾᠣᠯᠧᠰᠲᠷᠢᠨ ᠦ ᠲᠦᠪᠰᠢᠨ ᠢ ᠬᠢᠵᠠᠭᠠᠷᠯᠠᠵᠤ
-ᠰᠢᠬᠢᠷᠯᠢᠭ ᠪᠣᠯᠤᠨ ᠰᠢᠭᠡᠰᠦᠨ ᠦ ᠬᠦᠴᠢᠯ ᠦᠨ ᠬᠡᠮᠵᠢᠶ᠎ᠡ ᠶᠢ ᠬᠢᠨᠠᠵᠤ
-ᠶᠠᠰᠤ ᠶᠢ ᠪᠡᠬᠢᠵᠢᠭᠦᠯᠬᠦ ᠳᠦ ᠲᠤᠰᠠᠯᠠᠵᠤ
-ᠬᠦᠮᠦᠨ ᠦ ᠴᠢᠰᠤᠨ ᠳᠠᠬᠢ ᠴᠠᠭᠠᠨ᠂ ᠤᠯᠠᠭᠠᠨ ᠪᠥᠭᠡᠮᠡᠰ ᠢ ᠪᠣᠯᠪᠠᠰᠤᠷᠠᠭᠤᠯᠬᠤ ᠳᠤ ᠨᠥᠯᠦᠭᠡᠯᠡᠵᠦ
- ᠬᠡᠷᠦᠬᠦ ᠡᠪᠡᠳᠴᠢᠨ ᠪᠣᠯᠤᠨ ᠱᠠᠷᠬᠢᠷᠠᠭᠠ ᠡᠪᠡᠳᠴᠢᠨ᠂ ᠵᠢᠷᠦᠬᠡᠨ ᠦ ᠡᠪᠡᠳᠴᠢᠨ ᠲᠤᠰᠬᠤ ᠠᠴᠠ ᠰᠡᠷᠡᠮᠵᠢᠯᠡᠬᠦ ᠳᠦ ᠬᠡᠷᠡᠭ ᠪᠣᠯᠳᠠᠭ ᠠᠵᠢ᠃
7745
2018-09-06 15:20
发表于:内蒙古
ᠯ ᠊ ᠲᠥᠳᠥᠪ : ᠵᠡᠰ-ᠡᠷᠡᠭᠦᠯ ᠮᠡᠨᠳᠦ ᠶᠢᠨ ᠤᠯᠠᠭᠠᠨ ᠠᠯᠲᠠ
ᠪᠠᠭ᠎ᠠ ᠪᠠᠯᠴᠢᠷ ᠠᠬᠤᠢ ᠴᠠᠭ ᠲᠤ ᠬᠤᠷᠠᠭ᠎ᠠ ᠬᠠᠷᠢᠭᠤᠯᠵᠤ ᠡᠮᠡᠭᠡ ᠳᠦ ᠪᠡᠨ ᠲᠤᠰᠠᠯᠠᠳᠠᠭ ᠪᠠᠶᠢᠯ᠎ᠠ᠃ ᠡᠮᠡᠭᠡ ᠮᠠᠨᠢ ᠥᠨᠳᠥᠷ ᠨᠠᠰᠤᠲᠠᠢ ᠴᠤ ᠭᠡᠰᠡᠨ ᠲᠡᠩᠬᠡᠯᠡᠭᠦᠨ ᠪᠠᠰᠠ ᠠᠴᠢ᠂ ᠵᠢᠭᠡ ᠪᠢᠳᠡᠨ ᠦ ᠪᠡᠨ ᠥᠮᠥᠭᠡᠯᠡᠭᠴᠢ ᠪᠠᠶᠢᠯ᠎ᠠ᠃ ᠡᠮᠡᠭᠡ ᠶᠢᠨ ᠲᠣᠭᠣᠭ᠎ᠠ ᠨᠢ ᠵᠡᠰ᠂ ᠳᠣᠩᠪᠤ ᠨᠢ ᠵᠡᠰ᠂ ᠪᠥᠭᠡᠵᠢ ᠨᠢ ᠵᠡᠰ᠃ ᠪᠠᠰᠠ ᠠᠶᠠᠭ᠎ᠠ ᠨᠢ ᠤᠯᠠᠭᠠᠨ ᠵᠡᠰ ᠪᠠᠶᠢᠭᠰᠠᠨ᠃
ᠨᠢᠭᠡᠨ ᠤᠳᠠᠭ᠎ᠠ ᠡᠮᠡᠭᠡ ᠮᠠᠨᠢ ᠮᠣᠳᠣᠨ ᠠᠶᠠᠭ᠎ᠠ ᠶᠢ ᠲᠠᠨᠢᠯ ᠡᠪᠦᠭᠡᠨ ᠳᠦ ᠪᠡᠨ ᠥᠭᠴᠦ 《ᠵᠡᠰᠯᠡᠭᠡᠳ ᠥᠭᠭᠦᠭᠡᠴᠢ》 ᠭᠡᠵᠦ ᠭᠤᠶᠤᠵᠤ ᠪᠠᠶᠢᠭᠰᠠᠨ᠂ ᠡᠨᠡ ᠮᠠᠭᠤ ᠠᠴᠢ ᠬᠦᠦ ᠶᠢ ᠠᠷᠪᠠᠨ ᠭᠤᠷᠪᠠ ᠬᠦᠷᠬᠦ ᠳᠦ ᠨᠢ ᠪᠡᠯᠡᠭᠯᠡᠬᠦ ᠰᠠᠨᠠᠭ᠎ᠠ ᠲᠠᠢ ᠶᠤᠮ ᠭᠡᠵᠦ ᠪᠠᠶᠢᠭᠰᠠᠨ ᠢ ᠮᠠᠷᠲᠠᠳᠠᠭ ᠦᠭᠡᠢ ᠪᠢᠯᠡ᠃ 《ᠫᠠᠬᠠ᠂ ᠡᠶᠢᠮᠦ ᠨᠣᠭᠣᠭᠠᠷᠠᠴᠢᠬᠠᠳᠠᠭ ᠠᠶᠠᠭ᠎ᠠ ᠪᠠᠷ ᠶᠠᠭᠠᠬᠢᠬᠤ ᠶᠤᠮ ᠪᠤᠢ︖》 ᠭᠡᠵᠦ ᠪᠢ ᠲᠡᠷᠡ ᠦᠶ᠎ᠡ ᠳᠦ ᠶᠡᠬᠡ ᠯᠠ ᠳᠤᠷᠠᠭᠦᠶᠢᠴᠡᠨ ᠪᠣᠳᠣᠵᠤ ᠪᠠᠶᠢᠯ᠎ᠠ᠃
ᠨᠡᠯᠢᠶᠡᠨ ᠬᠤᠭᠤᠴᠠᠭ᠎ᠠ ᠥᠩᠭᠡᠷᠡᠭᠰᠡᠨ ᠬᠣᠶᠢᠨᠠ ᠡᠮᠡᠭᠡ ᠶᠢᠨ ᠨᠢᠭᠡᠨ ᠵᠡᠰ ᠲᠠᠪᠠᠭ ᠨᠣᠭᠣᠭᠠᠷᠠᠴᠢᠬᠠᠭᠰᠠᠨ ᠥᠩᠭᠡ ᠲᠡᠢ ᠪᠠᠶᠢᠬᠤ ᠶᠢ ᠦᠵᠡᠭᠡᠳ ᠢᠷᠪᠠᠶᠢᠵᠤ
-ᠡᠮᠡᠭᠡ᠂ ᠡᠨᠡ ᠲᠠᠪᠠᠭ ᠴᠢᠨᠢ ᠥᠮᠥᠬᠡᠢ ᠦᠨᠦᠷᠳᠦᠬᠦ ᠪᠣᠯᠴᠢᠬᠠᠵᠠᠢ ᠭᠡᠰᠡᠨ ᠴᠢᠨᠢ ᠡᠮᠡᠭᠡ᠄
-ᠨᠣᠭᠣᠭᠠᠷᠠᠨ᠎ᠠ ᠭᠡᠳᠡᠭ ᠴᠢᠨᠢ ᠵᠡᠰ ᠵᠢᠪᠡᠷᠡᠵᠦ ᠪᠠᠶᠢᠭ᠎ᠠ ᠨᠢ ᠲᠡᠷᠡ᠃ ᠵᠡᠰ ᠦᠨ ᠪᠠᠶᠢᠪᠠᠩ ᠢᠶᠠᠷ ᠴᠡᠪᠡᠷᠯᠡᠳᠡᠭ ᠶᠤᠮ ᠭᠡᠰᠡᠨ ᠢᠶᠡᠨ ᠨᠢᠭᠡᠨ ᠪᠣᠭᠣᠳᠠᠯ ᠲᠠᠢ ᠶᠠᠭᠤᠮ᠎ᠠ ᠭᠠᠷᠭᠠᠵᠤ ᠨᠥᠭᠥᠭᠡ ᠲᠠᠪᠠᠭ ᠳᠡᠭᠡᠷ᠎ᠡ ᠭᠣᠭᠣᠵᠢᠭᠤᠯᠤᠭᠠᠳ ᠳᠠᠪᠤᠤ ᠶᠢᠨ ᠥᠭᠡᠳᠡᠰᠦ ᠪᠡᠷ ᠠᠷᠴᠢᠵᠤ ᠵᠦᠯᠭᠦᠭᠰᠡᠨ ᠴᠢᠨᠢ ᠨᠣᠭᠣᠭᠠᠨ ᠥᠩᠭᠡ ᠨᠢ ᠠᠷᠢᠯᠵᠤ ᠭᠢᠯᠲᠠᠭᠠᠨᠠᠭᠰᠠᠨ ᠤᠯᠠᠭᠠᠨ ᠰᠢᠷ᠎ᠠ ᠥᠩᠭᠡ ᠭᠠᠷᠴᠤ ᠢᠷᠡᠭᠰᠡᠨ ᠶᠤᠮ᠃
ᠪᠢ ᠭᠠᠶᠢᠬᠠᠵᠤ᠄
-ᠪᠠᠷᠤᠭ ᠯᠠ ᠠᠯᠲᠠ ᠰᠢᠭ ᠥᠩᠭᠡ ᠲᠡᠢ ᠪᠣᠯᠴᠢᠬᠠᠯ᠎ᠠ ᠭᠡᠰᠡᠨ ᠴᠢᠨᠢ ᠡᠮᠡᠭᠡ᠄
-ᠠᠯᠲᠠ ᠯᠠ ᠭᠡᠰᠡᠨ ᠦᠭᠡ ᠰᠢᠦ ᠳ᠋ᠡ᠃ ᠠᠷᠠᠨᠵᠢᠨ ᠵᠡᠰ ᠭᠡᠳᠡᠭ ᠴᠢᠨᠢ 《ᠤᠯᠠᠭᠠᠨ ᠠᠯᠲᠠ》 ᠶᠤᠮ ᠰᠢᠦ ᠭᠡᠬᠦᠴᠢᠯᠡᠨ ᠶᠠᠷᠢᠭᠰᠠᠨ ᠪᠢᠯᠡ᠃ ᠭᠡᠪᠡᠴᠦ ᠡᠮᠡᠭᠡ ᠨᠠᠮ᠎ᠠ ᠶᠢ ᠠᠷᠪᠠᠨ ᠭᠤᠷᠪᠠᠨ ᠨᠠᠰᠤ ᠬᠦᠷᠦᠭᠡ ᠦᠭᠡᠢ᠂ ᠠᠶᠢᠮᠠᠭ ᠤᠨ ᠲᠥᠪ ᠲᠦ ᠰᠤᠷᠭᠠᠭᠤᠯᠢ ᠳᠤ ᠰᠠᠭᠤᠵᠤ ᠪᠠᠶᠢᠬᠤ ᠦᠶ᠎ᠡ ᠳᠦ 《ᠥᠭᠡᠳᠡ ᠪᠣᠯᠴᠢᠬᠠᠭᠰᠠᠨ》 ᠶᠤᠮ᠃ ᠥᠨᠥᠬᠢ ᠵᠡᠰᠯᠡᠭᠦᠯᠦᠭᠰᠡᠨ ᠠᠶᠠᠭ᠎ᠠ ᠪᠠᠨ ᠴᠤ ᠥᠭᠴᠦ ᠴᠢᠳᠠᠭ᠎ᠠ ᠦᠭᠡᠢ ᠥᠩᠭᠡᠷᠡᠭᠰᠡᠨ ᠬᠡᠷᠡᠭ᠃
ᠡᠮᠡᠭᠡ ᠲᠡᠷᠡ ᠵᠢᠯ ᠨᠠᠮ᠎ᠠ ᠶᠢ ᠰᠤᠷᠭᠠᠭᠤᠯᠢ ᠳᠤ ᠶᠠᠪᠤᠬᠤ ᠦᠶ᠎ᠡ ᠳᠦ᠄
-ᠵᠡᠰ ᠠᠶᠠᠭ᠎ᠠ ᠪᠠᠨ ᠬᠢᠯᠭᠡᠵᠦ ᠪᠠᠶᠢᠭᠠᠳ ᠬᠠᠪᠤᠷ ᠢᠷᠡᠬᠦ ᠪᠡᠷ ᠴᠢᠨᠢ ᠥᠭᠭᠦᠨ᠎ᠡ ᠭᠡᠬᠦ ᠳᠦ ᠨᠢ ᠪᠢ ᠢᠷᠪᠠᠶᠢᠵᠤ
-ᠵᠡᠰ ᠠᠶᠠᠭ᠎ᠠ ᠮᠠᠭᠤᠬᠠᠢ ᠨᠣᠭᠣᠭᠠᠷᠠᠴᠢᠬᠠᠳᠠᠭ ᠶᠤᠮ ᠪᠠᠶᠢᠨ᠎ᠠ ᠯᠡ ᠭᠡᠰᠡᠨ ᠴᠢᠨᠢ ᠡᠮᠡᠭᠡ᠄
- ᠶᠠᠭᠤ ᠭᠡᠰᠡᠨ ᠦᠭᠡ ᠪᠤᠢ︕ ᠵᠡᠰ ᠠᠶᠠᠭ᠎ᠠ ᠰᠢᠭ ᠰᠠᠶᠢᠨ ᠠᠶᠠᠭ᠎ᠠ ᠪᠠᠶᠢᠬᠤ ᠦᠭᠡᠢ᠃ ᠮᠥᠩᠭᠥᠨ ᠠᠶᠠᠭ᠎ᠠ᠂ ᠱᠠᠭᠠᠵᠠᠩ ᠠᠶᠠᠭ᠎ᠠ ᠲᠠᠢ ᠵᠦᠢᠷᠯᠡᠬᠦ ᠦᠭᠡᠢ ᠰᠠᠶᠢᠨ ᠠᠶᠠᠭ᠎ᠠ ᠰᠢᠦ᠃ ᠴᠢᠨᠤ ᠭᠡᠳᠡᠰᠦ ᠳᠣᠲᠣᠷ ᠴᠢᠨᠢ ᠵᠢᠭᠠᠬᠠᠨ ᠪᠦᠯᠪᠡᠭᠡᠷ ᠰᠢᠦ ᠵᠡᠰ ᠠᠶᠠᠭ᠎ᠠ ᠪᠠᠷ ᠶᠠᠭᠤᠮ᠎ᠠ ᠤᠤᠭᠤᠵᠤ ᠢᠳᠡᠵᠦ ᠪᠠᠶᠢᠪᠠᠯ ᠰᠠᠶᠢᠨ᠂ ᠠᠷᠠᠨᠵᠢᠨ ᠵᠡᠰ ᠠᠶᠠᠭ᠎ᠠ ᠴᠢᠨᠢ ᠠᠯᠲᠠᠨ ᠠᠶᠠᠭ᠎ᠠ ᠯᠠ ᠭᠡᠰᠡᠨ ᠦᠭᠡ᠃ ᠠᠯᠲᠠ ᠪᠣᠯ ᠭᠣᠶᠣ ᠴᠤ ᠭᠡᠰᠡᠨ ᠬᠠᠷ᠎ᠠ ᠮᠥᠷ ᠲᠡᠢ᠂ ᠵᠡᠰ ᠤᠯᠠᠭᠠᠨ ᠴᠤ ᠭᠡᠰᠡᠨ ᠡᠯᠪᠡᠷᠢᠯᠲᠡᠢ ᠭᠡᠳᠡᠭ ᠶᠤᠮ᠃
ᠭᠡᠲᠡᠯ᠎ᠡ ᠨᠠᠮ᠎ᠠ ᠶᠢ ᠵᠠᠯᠠᠭᠤᠴᠤᠳ ᠤᠨ ᠪᠠᠶᠢᠭᠤᠯᠤᠯᠭ᠎ᠠ ᠶᠢ ᠤᠳᠤᠷᠢᠳᠬᠤ ᠠᠵᠢᠯ ᠳᠤ ᠲᠣᠮᠢᠯᠠᠭᠳᠠᠬᠤ ᠦᠶ᠎ᠡ ᠳᠦ 《ᠵᠡᠰ》 ᠭᠡᠳᠡᠭ ᠦᠭᠡ ᠴᠢᠬᠢᠨ ᠳᠦ ᠬᠠᠳᠠᠵᠤ 《ᠡᠷᠳᠡᠨᠢᠲᠦ ᠶᠢᠨ ᠵᠡᠰ᠂ ᠮᠣᠯᠢᠪᠳᠧᠨ ᠦ ᠪᠠᠶᠠᠵᠢᠭᠤᠯᠬᠤ ᠦᠢᠯᠡᠳᠪᠦᠷᠢ》 ᠪᠠᠶᠢᠭᠤᠯᠤᠨ᠎ᠠ᠃ ᠠᠵᠢᠯᠯᠠᠬᠤ ᠵᠠᠯᠠᠭᠤᠰ ᠢ ᠢᠯᠡᠭᠡᠯᠲᠡ ᠪᠡᠷ ᠢᠷᠡᠭᠦᠯᠦᠨ᠎ᠡ ᠦᠦ︕》 ᠭᠡᠵᠦ ᠪᠢᠯᠡ᠃《ᠵᠡᠰ》 ᠭᠡᠳᠡᠭ ᠦᠭᠡ ᠠᠬᠢᠨ ᠠᠮᠠᠨ ᠳᠤ ᠤᠶᠠᠭᠳᠠᠵᠤ ᠪᠠᠭ᠎ᠠ ᠪᠠᠯᠴᠢᠷ ᠤᠨ ᠳᠤᠷᠠᠰᠬᠠᠯ ᠠᠮᠢᠯᠠᠨ᠂ ᠡᠮᠡᠭᠡ ᠶᠢᠨ ᠵᠡᠰ ᠰᠠᠪᠠ ᠰᠠᠭᠤᠯᠭ᠎ᠠ᠂ ᠵᠡᠰ ᠠᠶᠠᠭ᠎ᠠ᠂ ᠵᠡᠰ ᠪᠦᠭᠡᠵᠢ ᠰᠠᠨᠠᠭᠠᠨ ᠳᠤ ᠣᠷᠣᠵᠤ ᠢᠷᠡᠭᠰᠡᠨ ᠪᠢᠯᠡ᠃ ᠲᠡᠭᠡᠭᠡᠳ ᠯᠠ 《ᠵᠡᠰ》᠂ 《ᠮᠣᠯᠢᠪᠳᠧᠨ》 ᠤ ᠲᠤᠬᠠᠢ ᠨᠣᠮ ᠤᠩᠰᠢᠵᠤ᠂ ᠯᠠᠪᠯᠠᠮᠵᠢ ᠡᠷᠭᠢᠭᠦᠯᠬᠦ ᠪᠣᠯᠪᠠ᠃
ᠲᠡᠭᠡᠲᠡᠯ᠎ᠡ 《ᠵᠡᠰ》 ᠭᠡᠳᠡᠭ ᠰᠢᠷ᠎ᠠ ᠠᠯᠲᠠᠨ ᠠᠴᠠ ᠦᠨᠡᠲᠡᠢ ᠤᠯᠠᠭᠠᠨ ᠠᠯᠲᠠ ᠭᠡᠬᠦ ᠤᠳᠬ᠎ᠠ ᠪᠠᠷ ᠶᠠᠷᠢᠭᠰᠠᠨ ᠡᠮᠡᠭᠡ ᠶᠢᠨ ᠦᠭᠡ ᠨᠣᠲᠠᠯᠠᠭᠳᠠᠬᠤ ᠨᠢ ᠲᠡᠷᠡ᠃ ᠨᠣᠲᠠᠯᠠᠭᠳᠠᠬᠤ ᠳᠤ ᠪᠠᠨ ᠪᠦᠷ ᠰᠢᠨᠵᠢᠯᠡᠬᠦ ᠤᠬᠠᠭᠠᠨ ᠤ ᠦᠨᠳᠦᠰᠦᠯᠡᠯ ᠲᠡᠢ ᠨᠢ ᠣᠶᠢᠯᠠᠭᠠᠭᠳᠠᠪᠠ᠃ ᠵᠡᠰ ᠪᠣᠯ ᠠᠯᠲᠠ᠂ ᠮᠥᠩᠭᠥ᠂ ᠲᠡᠮᠦᠷ᠂ ᠸᠢᠰᠦᠮᠤᠲᠤ ᠵᠡᠷᠭᠡ ᠡᠷᠦᠳᠡᠰᠦ ᠪᠣᠳᠠᠰ ᠠᠭᠤᠯᠳᠠᠭ ᠶᠡᠬᠡᠬᠡᠨ ᠣᠨᠴᠠᠭᠠᠢ ᠴᠢᠨᠠᠷᠲᠠᠢ ᠡᠳ᠋ ᠠᠵᠢ᠃ ᠲᠡᠶᠢᠮᠦ ᠤᠴᠢᠷ ᠠᠴᠠ ᠡᠷᠡᠭᠦᠯ ᠮᠡᠨᠳᠦ ᠳᠦ ᠰᠠᠶᠢᠨ ᠨᠥᠯᠥᠭᠡ ᠲᠡᠢ ᠣᠯᠠᠨ ᠲᠠᠯ᠎ᠠ ᠶᠢᠨ ᠠᠴᠢ ᠬᠣᠯᠪᠣᠭᠳᠠᠯ ᠲᠠᠢ ᠶᠤᠮ ᠪᠠᠶᠢᠨ᠎ᠠ᠃
ᠡᠭᠦᠨ ᠳᠦ᠄
1.ᠪᠦᠢᠯᠡᠰᠦ ᠪᠤᠯᠴᠢᠷᠬᠠᠢ ᠶᠢᠨ ᠬᠠᠪᠤᠳᠠᠷ ᠢ ᠳᠠᠷᠤᠳᠠᠭ᠃
2.ᠰᠠ ᠡᠪᠡᠳᠴᠢᠨ᠂ ᠮᠡᠳᠡᠷᠡᠯ ᠲᠠᠰᠤᠯᠳᠠᠭᠰᠠᠨ ᠢ ᠵᠡᠰ ᠢᠶᠡᠷ ᠵᠢᠩᠳᠡᠭᠦᠯᠵᠦ ᠵᠠᠰᠠᠳᠠᠭ᠃
3∙ ᠵᠢᠷᠦᠬᠡᠨ ᠦ ᠴᠢᠰᠤ ᠳᠤᠲᠠᠭᠳᠠᠬᠤ ᠳᠤ ᠬᠥᠵᠦᠭᠦᠦ ᠪᠡᠨ ᠲᠣᠭᠣᠷᠢᠭᠤᠯᠤᠨ ᠵᠡᠰ ᠵᠣᠭᠣᠰ ᠢᠶᠠᠷ ᠵᠢᠩ ᠲᠠᠯᠪᠢᠳᠠᠭ᠃
4.ᠬᠠᠮᠠᠷ ᠳᠣᠲᠣᠷ᠎ᠠ ᠲᠠᠯ᠎ᠠ ᠬᠠᠪᠤᠳᠬᠤ᠂ ᠬᠠᠲᠠᠬᠤ ᠲᠣᠬᠢᠶᠠᠯᠳᠤᠯ ᠳᠤ ᠵᠡᠰ ᠵᠣᠭᠣᠰᠤᠨ ᠮᠥᠩᠭᠥ ᠪᠡᠷ ᠨᠢᠳᠦᠨ ᠦ ᠪᠤᠯᠤᠨ᠂ ᠬᠠᠮᠠᠷ ᠤᠨ ᠨᠠᠬᠢᠭᠤ ᠳᠤ ᠵᠢᠩ ᠲᠠᠯᠪᠢᠳᠠᠭ᠃
5.ᠳᠦᠯᠡᠶᠢᠷᠡᠬᠦ ᠳᠦ ᠵᠡᠰ ᠢᠶᠡᠷ ᠴᠢᠬᠢ ᠪᠡᠨ ᠪᠥᠭᠯᠡᠳᠡᠭ᠃
6.ᠶᠠᠷᠠᠰᠢᠬᠤ ᠳᠤ ᠵᠡᠰ ᠬᠠᠪᠲᠠᠩ ᠢᠶᠠᠷ ᠳᠠᠷᠤᠵᠤ ᠪᠣᠭᠣᠳᠠᠭ᠃
7.ᠰᠡᠯᠭᠦᠷᠡᠭᠡ ᠶᠢ ︵ᠬᠠᠪᠤᠩ︶ ᠵᠡᠰ ᠳᠠᠷᠤᠳᠠᠭ᠃
8.ᠬᠥᠬᠡ ᠨᠢᠴᠠ ᠪᠣᠯᠤᠭᠰᠠᠨ ᠭᠠᠵᠠᠷ ᠢ ᠵᠡᠰ ᠢᠶᠡᠷ ᠳᠠᠷᠤᠭᠤᠯᠤᠨ᠎ᠠ᠃
9.ᠰᠣᠷᠮᠤᠤᠰᠤᠨ ᠤ ᠬᠠᠪᠤᠳᠠᠷ ᠢ ᠮᠥᠨ ᠵᠡᠰ ᠢᠶᠡᠷ ᠳᠠᠷᠤᠨ᠎ᠠ᠃
10.ᠰᠤᠳᠠᠰᠤ ᠬᠠᠲᠠᠭᠤᠷᠠᠬᠤ᠂ ᠰᠢᠵᠢᠩ ᠡᠪᠡᠳᠴᠢᠨ ᠳᠦ ᠵᠡᠰ ᠡᠮ ᠪᠣᠯᠳᠠᠭ᠃ ᠨᠢᠷᠤᠭᠤᠨ ᠲᠤᠰ ᠭᠠᠵᠠᠷ ᠶᠤᠮ ᠦᠦ ᠵᠡᠭᠦᠨ ᠡᠷᠡᠦ ᠳᠣᠣᠷ᠎ᠠ ᠵᠡᠰ ᠵᠣᠭᠣᠰ ᠢᠶᠠᠷ ᠳᠠᠷᠤᠭᠤᠯᠳᠠᠭ
11.ᠵᠢᠷᠦᠬᠡ ᠪᠡᠷ ᠬᠠᠳᠬᠤᠪᠠᠰᠤ ᠵᠡᠰ ᠵᠣᠭᠣᠰ ᠢ ᠣᠮᠣᠷᠠᠭᠤᠨ ᠤ ᠬᠣᠩᠬᠣᠷ ᠲᠤ ᠪᠠᠶᠢᠷᠢᠯᠠᠭᠤᠯᠵᠤ ᠭᠣᠶᠤ ᠨᠠᠭᠠᠯᠲᠠᠭᠤᠷ ᠢᠶᠠᠷ ᠨᠠᠭᠠᠵᠤ ᠥᠭᠳᠡᠭ ᠪᠠᠶᠢᠨ᠎ᠠ᠃
ᠵᠡᠰ ᠡᠶᠢᠮᠦ ᠢᠳᠡ ᠰᠢᠳᠢ ᠲᠡᠢ ᠶᠤᠮ ᠰᠢᠭ ᠨᠥᠯᠦᠭᠡᠯᠡᠳᠡᠭ ᠦᠨ ᠤᠴᠢᠷ ᠨᠢ ᠬᠦᠮᠦᠨ ᠦ ᠪᠡᠶ᠎ᠡ ᠮᠠᠬᠠᠪᠣᠳ ᠲᠤ ᠵᠡᠰ ᠲᠤᠩ ᠪᠠᠭ᠎ᠠ ᠲᠤᠯᠠ ᠮᠢᠯᠢᠭ᠍ᠷᠠᠮ ᠤᠨ ᠬᠡᠮᠵᠢᠶᠡᠨ ᠦ ᠵᠡᠰ ᠦᠨ ᠨᠥᠯᠥᠭᠡ ᠴᠢᠬᠤᠯᠠ᠃ ᠬᠦᠮᠦᠨ ᠦ ᠪᠡᠶ᠎ᠡ ᠮᠠᠬᠠᠪᠣᠳ ᠲᠤ ᠠᠭᠤᠯᠤᠭᠳᠠᠳᠠᠭ ᠵᠡᠰ ᠨᠢ᠄
-ᠵᠢᠷᠦᠬᠡᠨ ᠦ ᠠᠵᠢᠯᠯᠠᠭ᠎ᠠ ᠶᠢ ᠵᠣᠬᠢᠴᠠᠭᠤᠯᠵᠤ
-ᠾᠣᠯᠧᠰᠲᠷᠢᠨ ᠦ ᠲᠦᠪᠰᠢᠨ ᠢ ᠬᠢᠵᠠᠭᠠᠷᠯᠠᠵᠤ
-ᠰᠢᠬᠢᠷᠯᠢᠭ ᠪᠣᠯᠤᠨ ᠰᠢᠭᠡᠰᠦᠨ ᠦ ᠬᠦᠴᠢᠯ ᠦᠨ ᠬᠡᠮᠵᠢᠶ᠎ᠡ ᠶᠢ ᠬᠢᠨᠠᠵᠤ
-ᠶᠠᠰᠤ ᠶᠢ ᠪᠡᠬᠢᠵᠢᠭᠦᠯᠬᠦ ᠳᠦ ᠲᠤᠰᠠᠯᠠᠵᠤ
-ᠬᠦᠮᠦᠨ ᠦ ᠴᠢᠰᠤᠨ ᠳᠠᠬᠢ ᠴᠠᠭᠠᠨ᠂ ᠤᠯᠠᠭᠠᠨ ᠪᠥᠭᠡᠮᠡᠰ ᠢ ᠪᠣᠯᠪᠠᠰᠤᠷᠠᠭᠤᠯᠬᠤ ᠳᠤ ᠨᠥᠯᠦᠭᠡᠯᠡᠵᠦ
- ᠬᠡᠷᠦᠬᠦ ᠡᠪᠡᠳᠴᠢᠨ ᠪᠣᠯᠤᠨ ᠱᠠᠷᠬᠢᠷᠠᠭᠠ ᠡᠪᠡᠳᠴᠢᠨ᠂ ᠵᠢᠷᠦᠬᠡᠨ ᠦ ᠡᠪᠡᠳᠴᠢᠨ ᠲᠤᠰᠬᠤ ᠠᠴᠠ ᠰᠡᠷᠡᠮᠵᠢᠯᠡᠬᠦ ᠳᠦ ᠬᠡᠷᠡᠭ ᠪᠣᠯᠳᠠᠭ ᠠᠵᠢ᠃
ᠡᠶᠢᠮᠦᠷᠬᠡᠦ ᠡᠪᠡᠳᠴᠢᠨ ᠢᠶᠡᠷ ᠰᠡᠭᠦᠯ ᠦᠨ ᠦᠶ᠎ᠡ ᠶᠢᠨ 《ᠬᠣᠲᠠᠵᠢᠭᠰᠠᠨ》 ᠵᠠᠯᠠᠭᠤᠴᠤᠳ ᠨᠡᠯᠢᠶᠡᠨ ᠡᠪᠡᠳᠬᠦ ᠪᠣᠯᠤᠭᠰᠠᠨ ᠪᠠᠶᠢᠨ᠎ᠠ᠃ ᠰᠢᠨᠵᠢᠯᠡᠬᠦ ᠤᠬᠠᠭᠠᠨ ᠤ ᠦᠨᠳᠦᠰᠦ ᠲᠡᠢ ᠵᠡᠰ ᠤᠨ ᠠᠴᠢ ᠲᠤᠰᠠ ᠨᠢ ᠬᠦᠮᠦᠨ ᠦ ᠪᠡᠶ᠎ᠡ ᠮᠠᠬᠠᠪᠣᠳ ᠲᠤ ᠶᠣᠰᠣᠲᠠᠢ ᠯᠠ 《ᠰᠤᠪᠢᠯᠠᠭᠴᠢ 》 ᠶᠢᠨ ᠡᠭᠦᠷᠭᠡ ᠭᠦᠢᠴᠡᠳᠭᠡᠳᠡᠭ ᠢ ᠨᠣᠮ ᠰᠤᠳᠤᠷ ᠠᠴᠠ ᠡᠶᠢᠨᠬᠦᠦ ᠣᠯᠵᠤ ᠮᠡᠳᠡᠭᠡᠭ᠍ᠰᠡᠨ ᠦ ᠪᠡᠨ ᠳᠠᠷᠠᠭ᠎ᠠ ᠪᠠᠭ᠎ᠠ ᠨᠠᠰᠤᠨ ᠳᠤ ᠪᠠᠨ ᠡᠮᠡᠭᠡ ᠡᠴᠡ ᠰᠣᠨᠣᠰᠤᠭᠰᠠᠨ ᠵᠦᠢᠯ ᠢᠶᠡᠨ ᠪᠠᠰᠠ ᠡᠮᠡᠭᠡ ᠮᠠᠨᠢ ᠭᠣᠣᠯᠳᠠᠭᠤ ᠵᠡᠰ ᠰᠠᠪᠠ ᠰᠠᠭᠤᠯᠭ᠎ᠠ᠂ ᠡᠳ᠋ ᠬᠡᠷᠡᠭᠯᠡᠯ ᠲᠡᠢ ᠪᠠᠶᠢᠭᠰᠠᠨ ᠤ ᠭᠦᠨ ᠤᠳᠬ᠎ᠠ ᠤᠴᠢᠷ ᠢ ᠡᠷᠭᠢᠴᠡᠭᠦᠯᠦᠨ ᠪᠣᠳᠣᠵᠤ᠂ ᠪᠢᠰᠢᠷᠡᠯ ᠲᠥᠷᠦᠵᠥ ᠪᠢᠯᠡ᠃
ᠮᠣᠩᠭᠣᠯᠴᠤᠳ ᠬᠡᠳᠦᠨ ᠮᠢᠩᠭᠠᠨ ᠵᠢᠯ ᠳᠦ ᠠᠨᠠᠭᠠᠬᠤ ᠤᠬᠠᠭᠠᠨ ᠤ ᠦᠢᠯᠡᠴᠢᠯᠡᠭᠡᠨ ᠦ ᠰᠦᠯᠵᠢᠶ᠎ᠡ ᠴᠤ ᠦᠭᠡᠢ ᠠᠵᠤ ᠲᠥᠷᠦᠵᠥ ᠪᠠᠶᠢᠭᠰᠠᠨ ᠮᠥᠷᠲᠡᠯ᠎ᠡ ᠡᠷᠡᠭᠦᠯ ᠴᠢᠭᠢᠷᠠᠭ᠂ ᠡᠪᠡᠳᠴᠢᠨ ᠡᠮᠭᠡᠭ ᠪᠠᠭᠠᠲᠠᠢ ᠪᠠᠶᠢᠭᠰᠠᠨ ᠨᠢ ᠮᠣᠩᠭᠣᠯᠴᠤᠳ ᠤᠨ ᠪᠦᠲᠦᠭᠡᠭᠰᠡᠨ 《ᠨᠡᠭᠦᠳᠡᠯ ᠦᠨ ᠰᠤᠶᠤᠯ ᠢᠷᠭᠡᠨᠰᠢᠯ》 ᠤᠨ ᠠᠴᠢ ᠦᠷ᠎ᠡ ᠪᠠᠶᠢᠵᠠᠢ᠃ ᠵᠡᠰ ᠡᠳ᠋ᠯᠡᠯ ᠨᠢ ᠬᠦᠷᠲᠡᠯ᠎ᠡ ᠡᠷᠦᠬᠡ ᠭᠡᠷ᠂ ᠠᠮᠠ ᠪᠦᠯᠢ ᠶᠢᠨ ᠪᠡᠯᠡᠨ 《ᠰᠤᠪᠢᠯᠠᠭᠴᠢ》 ᠪᠠᠶᠢᠭᠰᠠᠨ ᠠᠵᠢ᠃
ᠬᠠᠷᠠᠮᠰᠠᠯᠲᠠᠢ ᠨᠢ ᠣᠳᠣ ᠦᠶ᠎ᠡ ᠳᠦ ᠵᠡᠰ ᠢ ᠲᠣᠭᠤᠬᠤ ᠪᠠᠨ ᠪᠠᠶᠢᠵᠤ᠂ ᠬᠠᠶᠠ ᠨᠢᠭᠡ ᠠᠶᠢᠯ ᠵᠡᠰ ᠳᠣᠩᠪᠤ ᠶᠢ ᠵᠦᠭᠡᠷ ᠯᠠ ᠬᠠᠭᠤᠴᠢᠨ ᠤ ᠦᠵᠡᠮᠦᠷᠢ ᠪᠣᠯᠭᠠᠨ ᠭᠡᠷ ᠲᠦ ᠪᠡᠨ ᠲᠠᠯᠪᠢᠬᠤ ᠠᠴᠠ ᠬᠡᠲᠦᠷᠡᠬᠦ ᠦᠭᠡᠢ ᠪᠣᠯᠵᠠᠢ᠃ ᠤᠤᠯ ᠨᠢ ᠲᠡᠷᠡ ᠵᠡᠰ ᠡᠳ᠋ᠯᠡᠯ ᠡᠷᠡᠭᠦᠯ ᠮᠡᠨᠳᠦ ᠶᠢᠨ ᠤᠯᠠᠭᠠᠨ ᠠᠯᠲᠠ ᠶᠤᠮ ᠰᠢᠦ ᠳ᠋ᠡ᠃
1
0