ᠨᠢᠭᠤᠴᠠ ᠠᠮᠠᠷᠠᠭ
ᠨᠢᠭᠤᠴᠠ ᠠᠮᠠᠷᠠᠭ
- ᠦᠨᠡᠨ ᠦ ᠮᠡᠯᠮᠡᠢ ᠳᠦ ᠵᠢᠷᠤᠭᠯᠠᠬᠤᠢ ᠳᠤ
ᠢᠷᠡᠳᠡᠭ ᠦᠭᠡᠢ ᠤᠴᠠᠷᠠᠯ ᠠᠴᠠ ᠠᠯᠳᠠᠭᠤᠷᠠᠳᠠᠭ ᠦᠭᠡᠢ ᠠᠷᠭᠠᠮᠵᠢ
ᠢᠲᠡᠭᠡᠯ ᠦᠭᠡᠢ ᠬᠠᠷᠢᠴᠠᠭᠠᠨ ᠠᠴᠠ ᠣᠢ᠌ᠳᠤᠳᠠᠭ ᠦᠭᠡᠢ ᠰᠠᠨᠠᠭᠠᠰᠢᠷᠠᠯ
ᠢᠯᠡᠭᠦᠦ ᠶᠢ ᠯᠠ ᠬᠦᠰᠡᠭᠰᠡᠨ ᠳᠤᠲᠠᠭᠤ ᠶᠢᠨ ᠭᠠᠴᠢᠯᠠᠩ
ᠨᠢᠭᠤᠴᠠ ᠠᠮᠠᠷᠠᠭ ᠡ ᠭᠡᠵᠦ
ᠵᠡᠭᠦᠳᠦ ᠡᠵᠡᠭᠦᠶᠢᠢᠴᠢᠯᠡᠬᠦ ᠰᠡᠷᠡᠭᠦᠨ ᠬᠠᠷ᠎ᠠ ᠳᠠᠷᠤᠯᠲᠠ
ᠵᠢᠷᠦᠬᠡ ᠬᠤᠯᠠᠭᠠᠶᠢᠯᠠᠬᠤ ᠰᠡᠷᠡᠯ ᠦᠨ ᠲᠦᠷ ᠬᠠᠨᠤᠮᠵᠢ
ᠵᠢᠰᠦ ᠪᠠᠨ ᠨᠢᠭᠤᠭᠰᠠᠨ ᠡᠰᠡ ᠤᠷᠢᠭᠳᠠᠬᠤ ᠭᠡᠶᠢᠴᠢᠨ
ᠨᠢᠭᠤᠴᠠ ᠠᠮᠠᠷᠠᠭ ᠡ ᠭᠡᠵᠦ
᠁
4331
2018-09-03 09:15
发表于:内蒙古
ᠨᠢᠭᠤᠴᠠ ᠠᠮᠠᠷᠠᠭ
- ᠦᠨᠡᠨ ᠦ ᠮᠡᠯᠮᠡᠢ ᠳᠦ ᠵᠢᠷᠤᠭᠯᠠᠬᠤᠢ ᠳᠤ
ᠢᠷᠡᠳᠡᠭ ᠦᠭᠡᠢ ᠤᠴᠠᠷᠠᠯ ᠠᠴᠠ ᠠᠯᠳᠠᠭᠤᠷᠠᠳᠠᠭ ᠦᠭᠡᠢ ᠠᠷᠭᠠᠮᠵᠢ
ᠢᠲᠡᠭᠡᠯ ᠦᠭᠡᠢ ᠬᠠᠷᠢᠴᠠᠭᠠᠨ ᠠᠴᠠ ᠣᠢ᠌ᠳᠤᠳᠠᠭ ᠦᠭᠡᠢ ᠰᠠᠨᠠᠭᠠᠰᠢᠷᠠᠯ
ᠢᠯᠡᠭᠦᠦ ᠶᠢ ᠯᠠ ᠬᠦᠰᠡᠭᠰᠡᠨ ᠳᠤᠲᠠᠭᠤ ᠶᠢᠨ ᠭᠠᠴᠢᠯᠠᠩ
ᠨᠢᠭᠤᠴᠠ ᠠᠮᠠᠷᠠᠭ ᠡ ᠭᠡᠵᠦ
ᠵᠡᠭᠦᠳᠦ ᠡᠵᠡᠭᠦᠶᠢᠢᠴᠢᠯᠡᠬᠦ ᠰᠡᠷᠡᠭᠦᠨ ᠬᠠᠷ᠎ᠠ ᠳᠠᠷᠤᠯᠲᠠ
ᠵᠢᠷᠦᠬᠡ ᠬᠤᠯᠠᠭᠠᠶᠢᠯᠠᠬᠤ ᠰᠡᠷᠡᠯ ᠦᠨ ᠲᠦᠷ ᠬᠠᠨᠤᠮᠵᠢ
ᠵᠢᠰᠦ ᠪᠠᠨ ᠨᠢᠭᠤᠭᠰᠠᠨ ᠡᠰᠡ ᠤᠷᠢᠭᠳᠠᠬᠤ ᠭᠡᠶᠢᠴᠢᠨ
ᠨᠢᠭᠤᠴᠠ ᠠᠮᠠᠷᠠᠭ ᠡ ᠭᠡᠵᠦ
ᠬᠥᠲᠦᠯᠦᠯᠴᠡᠵᠦ ᠶᠠᠪᠤᠳᠠᠭ ᠦᠭᠡᠢ ᠬᠣᠶᠠᠷ ᠲᠤᠶᠢᠯ
ᠬᠥᠭᠡᠷᠯᠡᠵᠦ ᠪᠠᠬᠠᠷᠬᠠᠮ᠎ᠠ ᠦᠭᠡᠢ ᠬᠣᠪᠣᠷ ᠨᠢᠭᠤᠴᠠ
ᠬᠥᠨᠵᠢᠯᠡ ᠳᠦ ᠪᠡᠨ ᠯᠠ ᠲᠤᠬᠠᠯᠠᠬᠤ ᠳ᠋ᠧᠩ ᠪᠠᠭᠤᠳᠠᠯ
ᠨᠢᠭᠤᠴᠠ ᠠᠮᠠᠷᠠᠭ ᠡ ᠭᠡᠵᠦ
ᠭᠠᠯ ᠠᠰᠠᠭᠠᠬᠤ ᠦᠭᠡᠢ ᠬᠦᠢᠲᠡᠨ ᠵᠢᠪᠠᠷ
ᠲᠠᠯ᠎ᠠ ᠵᠠᠰᠠᠬᠤ ᠦᠭᠡᠢ ᠬᠥᠨᠳᠡᠢ ᠲᠠᠭᠠᠰᠢᠶᠠᠯ
ᠳᠣᠯᠤ ᠴᠣᠬᠢᠭᠰᠠᠨ ᠪᠤᠶᠢᠳᠠᠬᠠᠨ ᠬᠦᠰᠡᠯ
ᠨᠢᠭᠤᠴᠠ ᠠᠮᠠᠷᠠᠭ ᠡ ᠭᠡᠵᠦ
ᠰᠠᠷᠠᠨ ᠢᠶᠠᠷ ᠠᠰᠠᠭᠰᠠᠨ ᠵᠠᠭᠤᠷᠠᠳᠤ ᠶᠢᠨ ᠴᠡᠩᠭᠡᠯ
ᠰᠠᠯᠬᠢᠨ ᠢᠶᠠᠷ ᠲᠠᠷᠬᠠᠭᠰᠠᠨ ᠡᠭᠦᠷᠢᠳᠡ ᠶᠢᠨ ᠬᠣᠪ ᠵᠢᠪ
ᠰᠠᠨᠠᠭᠠᠨ ᠳᠤ ᠪᠤᠭᠤᠯᠤᠭᠰᠠᠨ ᠮᠥᠩᠬᠡ ᠶᠢᠨ ᠰᠢᠨᠠᠯᠤᠩᠭᠢ
ᠨᠢᠭᠤᠴᠠ ᠠᠮᠠᠷᠠᠭ ᠡ ᠭᠡᠵᠦ
ᠬᠣᠶᠠᠷᠳᠠᠵᠤ ᠢᠷᠡᠭᠰᠡᠨ ᠴᠤ ᠬᠣᠯᠠᠳᠤᠳᠠᠭ ᠦᠭᠡᠢ ᠳᠠᠭᠠᠭᠤᠯᠢ
ᠬᠣᠶᠢᠨᠠ ᠠᠴᠠ ᠨᠢ ᠬᠠᠭᠠᠴᠠᠮᠠ ᠦᠭᠡᠢ ᠮᠠᠷᠲᠠᠳᠠᠭ ᠦᠭᠡᠢ ᠬᠠᠶᠢᠭᠤᠯ
ᠬᠣᠣᠰ ᠤᠨ ᠲᠠᠪᠢᠯᠠᠩ ᠳᠤ ᠴᠠᠪ ᠲᠠᠢ ᠡᠪᠯᠡᠷᠡᠳᠡᠭ ᠦᠭᠡᠢ ᠵᠠᠭᠤᠭᠤᠯ
ᠨᠢᠭᠤᠴᠠ ᠠᠮᠠᠷᠠᠭ ᠡ ᠭᠡᠵᠦ
ᠦᠨᠡᠨ ᠢ ᠠᠴᠤᠭᠯᠠᠭᠰᠠᠨ ᠦᠢᠯᠡ ᠲᠡᠢ ᠵᠤᠭ᠎ᠠ
ᠦᠭᠡᠶᠢᠰᠬᠡᠯ ᠳᠦ ᠣᠷᠣᠨ ᠵᠠᠢ ᠲᠠᠢ ᠴᠤᠤᠲᠠᠢ ᠳᠥᠭᠦᠭᠡ
ᠦᠷᠭᠦᠯᠵᠢ ᠪᠦᠳᠦᠴᠢᠭᠦᠯᠦᠭᠰᠡᠨ ᠬᠥᠲᠡᠢ ᠳᠡᠭᠡᠭᠡ
ᠨᠢᠭᠤᠴᠠ ᠠᠮᠠᠷᠠᠭ ᠡ ᠭᠡᠵᠦ
ᠨᠢᠭᠤᠬᠤ ᠲᠤᠰᠤᠮ ᠢᠯᠡᠷᠡᠳᠡᠭ
ᠨᠢᠯᠪᠤᠰᠤ ᠪᠠᠷᠠᠭᠰᠠᠨ ᠡᠨᠡᠯᠦᠯ ᠡ ᠭᠡᠵᠦ
ᠳ ∙ ᠲᠡᠮᠦᠷᠬᠤᠶᠠᠭ
5
0