ᠪ ∙ ᠷᠢᠨᠴᠢᠨ᠄ 《ᠠᠪᠤ ᠨᠢ ᠮᠣᠩᠭᠣᠯ ᠢᠶᠠᠨ ᠭᠡᠭᠰᠡᠭᠡᠷ ᠶᠠᠪᠤᠭᠠᠳ ᠡᠶᠢᠮᠦ ᠪᠣᠯᠤᠯ᠎ᠠ ᠳ᠋ᠠ》
ᠪ ᠊ ᠷᠢᠨᠴᠢᠨ ᠤ ᠲᠤᠬᠠᠢ ᠲᠡᠮᠳᠡᠭᠯᠡᠯ
6138
2018-09-03 13:25
发表于:内蒙古
ᠪ ∙ ᠷᠢᠨᠴᠢᠨ᠄ 《ᠠᠪᠤ ᠨᠢ ᠮᠣᠩᠭᠣᠯ ᠢᠶᠠᠨ ᠭᠡᠭᠰᠡᠭᠡᠷ ᠶᠠᠪᠤᠭᠠᠳ ᠡᠶᠢᠮᠦ ᠪᠣᠯᠤᠯ᠎ᠠ ᠳ᠋ᠠ》
ᠪ ∙ ᠷᠢᠨᠴᠢᠨ ᠭᠤᠸᠠᠢ ᠶᠢ ᠬᠣᠳᠣᠭᠣᠳᠣᠨ ᠤ ᠬᠡᠴᠡᠭᠦᠦ ᠨᠡᠷᠡᠲᠦ ᠡᠪᠡᠳᠴᠢᠨ ᠳᠤᠰᠤᠭᠠᠳ ᠮᠣᠩᠭᠣᠯ ᠳᠤ ᠡᠮᠴᠢᠯᠡᠭᠡ ᠦᠭᠡᠢ ᠪᠣᠯᠤᠭᠰᠠᠨ ᠢ ᠨᠢ ᠮᠡᠳᠡᠮᠡᠭᠴᠡ ᠤᠤᠭᠠᠨ ᠥᠬᠢᠨ᠂ ᠠᠷᠠᠳ ᠤᠨ ᠡᠮᠴᠢ ᠷ ∙ ᠨᠢᠮ᠎ᠠ ᠨᠢ ᠭᠣᠷᠢᠳᠠᠯᠭ᠎ᠠ ᠲᠡᠭᠡᠭᠡᠨ ᠮᠣᠰᠺᠸᠠ ᠤᠷᠤᠭᠤ ᠡᠮᠴᠢᠯᠡᠭᠦᠯᠬᠦ ᠪᠡᠷ ᠠᠪᠴᠤ ᠶᠠᠪᠤᠵᠤ ᠪᠠᠶᠢᠭᠰᠠᠨ ᠪᠣᠯ᠂ ᠲᠩᠷᠢ ᠳᠦ ᠬᠠᠯᠢᠬᠤ ᠶᠢᠨ ᠬᠢ ᠨᠢ ᠡᠮᠦᠨ᠎ᠡ ᠳᠤᠮᠳᠠ ᠥᠬᠢᠨ ᠷ ∙ ᠢᠨᠳᠠᠷ᠎ᠠ ᠨᠢ ᠳᠡᠷᠭᠡᠳᠡ ᠨᠢ ᠪᠠᠶᠢᠵᠤ ᠠᠰᠠᠷᠠᠵᠤ ᠬᠠᠯᠠᠮᠵᠢᠯᠠᠨ᠂ ᠡᠷᠭᠦᠵᠦ ᠲᠡᠭᠡᠭᠡᠵᠦ ᠪᠠᠶᠢᠵᠠᠢ᠃
ᠷᠢᠨᠴᠢᠨ ᠦ ᠢᠨᠳᠠᠷ᠎ᠠ :
ᠠᠪᠤ ᠰᠤᠳᠤᠷ ᠪᠢᠴᠢᠭ ᠦᠨ ᠬᠦᠷᠢᠶᠡᠯᠡᠩ ᠳᠦ ᠠᠵᠢᠯᠯᠠᠵᠤ ᠪᠠᠶᠢᠬᠤ ᠳᠤ ᠮᠠᠨ ᠤ ᠬᠢ ᠲᠠᠷᠴᠢᠭ ᠶᠠᠳᠠᠭᠤᠬᠠᠨ ᠯᠠ ᠠᠵᠣ ᠲᠥᠷᠥᠵᠤ ᠪᠠᠶᠢᠭᠰᠠᠨ᠃ ᠬᠤᠪᠴᠠᠰᠤ ᠬᠤᠨᠠᠷ ᠮᠠᠭᠤᠬᠠᠨ ᠥᠯᠦᠨ ᠵᠡᠯᠮᠡᠭᠦᠨ ᠯᠠ ᠪᠠᠶᠢᠳᠠᠭ ᠪᠠᠶᠢᠭᠰᠠᠨ᠃
ᠰᠣᠩᠭᠢᠨ᠎ᠠ ᠶᠢᠨ ᠪᠤᠯᠤᠨ᠂ ᠴᠡᠩᠭᠡᠯᠲᠡᠢ᠂ ᠵᠠᠶᠢᠰᠠᠩ ᠳᠤ ᠵᠤᠰᠠᠯᠠᠩ ᠳᠤ ᠭᠠᠷᠳᠠᠭ ᠪᠠᠶᠢᠯ᠎ᠠ᠃ ᠠᠪᠤ ᠶᠢ ᠪᠠᠷᠢᠭᠳᠠᠬᠤ ᠶᠢᠨ ᠡᠮᠦᠨ᠎ᠡ ᠬᠡᠦᠰᠢ ᠶᠢᠨ ᠠᠮᠠᠨ ᠳᠤ ᠵᠤᠰᠠᠭᠰᠠᠨ᠃ ᠵᠤᠰᠠᠯᠠᠩ ᠳᠤ ᠨᠢᠭᠡ ᠴᠠᠭᠠᠨ ᠮᠣᠷᠢᠲᠠᠢ᠂ ᠱᠧᠢᠺ ᠭᠡᠳᠡᠭ ᠨᠣᠬᠠᠢ ᠲᠠᠢ᠂ ᠬᠣᠶᠠᠷ ᠣᠫᠧᠯ ᠳᠤᠭᠤᠢ ᠲᠠᠢ ᠪᠠᠶᠢᠳᠠᠭ ᠪᠠᠶᠢᠪᠠ᠃ ᠣᠷᠣᠰ ᠴᠡᠷᠢᠭ ᠦᠨ ᠳᠠᠷᠤᠭ᠎ᠠ ᠠᠴᠠ ᠬᠤᠳᠠᠯᠳᠤᠵᠤ ᠠᠪᠤᠭᠰᠠᠨ ᠴᠠᠭᠠᠨ ᠮᠣᠷᠢ ᠶᠡᠬᠡ ᠭᠦᠶᠦᠨ᠎ᠡ ᠡ᠂ ᠪᠠᠶᠢᠰᠬᠢᠭᠡᠳ ᠯᠠ ᠠᠯᠠᠭ᠎ᠠ ᠪᠣᠯᠤᠨ᠎ᠠ᠃ ᠨᠢᠭᠡ ᠨᠠᠭᠠᠳᠤᠮ ᠢᠶᠠᠷ ᠠᠯᠳᠠᠭᠳᠠᠭᠠᠳ ᠳᠠᠬᠢᠵᠤ ᠣᠯᠳᠠᠭ᠎ᠠ ᠦᠭᠡᠢ᠃
ᠠᠪᠤ ᠴᠠᠯᠢᠩ ᠢᠶᠡᠨ ᠪᠠᠭᠤᠬᠤ ᠳᠤ ᠪᠢᠳᠡᠨ ᠳᠦ ᠨᠢᠭᠡ ᠨᠢᠭᠡ ᠶᠣᠣᠲᠠᠩ ᠠᠪᠴᠤ ᠥᠭᠭᠦᠨ᠎ᠡ᠃ ᠰᠤᠷᠭᠠᠭᠤᠯᠢ ᠶᠢᠨ ᠬᠤᠪᠴᠠᠰᠤ ᠮᠠᠨᠢ ᠰᠠᠩ ᠤᠨ ᠬᠢ᠃ ᠳᠠᠯᠢᠩᠪᠤᠨ ᠳᠡᠪᠡᠯ᠂ ᠪᠠᠬᠢᠶᠠᠯ ᠭᠤᠲᠤᠯ ᠲᠠᠯᠪᠢᠵᠤ ᠥᠭᠳᠡᠭ ᠪᠠᠶᠢᠵᠠᠢ᠃ ᠨᠢᠭᠡ ᠤᠳᠠᠭ᠎ᠠ ᠭᠣᠶᠣ ᠪᠥᠮᠪᠥᠭᠡᠨ ᠭᠤᠲᠤᠯ ᠬᠣᠷᠰᠢᠶᠠᠨ ᠳᠤ ᠭᠠᠷᠪᠠ᠃ ᠠᠪᠤ ᠶᠢ ᠠᠪᠴᠤ ᠥᠭᠭᠦᠭᠡᠴᠢ ᠡ ᠭᠡᠵᠦ ᠰᠢᠯᠭᠠᠭᠠᠭᠰᠠᠨ ᠳᠤ ᠣᠯᠠᠨ ᠬᠡᠦᠬᠡᠳ ᠡᠮᠦᠰᠴᠦ ᠪᠠᠶᠢᠨ᠎ᠠ ᠤᠤ︖ ᠭᠡᠵᠦ ᠠᠰᠠᠭᠤᠯ᠎ᠠ᠃ ᠴᠥᠭᠡᠬᠡᠨ ᠭᠡᠰᠡᠨ ᠳᠦ ᠲᠡᠭᠡᠪᠡᠯ ᠬᠡᠷᠡᠭ ᠦᠭᠡᠢ ᠪᠢᠵᠡ᠂ ᠵᠢᠷ ᠦᠨ ᠣᠯᠠᠨ ᠤ ᠪᠠᠨ ᠯᠠ ᠵᠢᠱᠢᠭ ᠶᠠᠪᠤ ᠭᠡᠰᠡᠨ᠃ ᠪᠢᠳᠡ ᠬᠥᠯ ᠨᠢᠴᠦᠭᠦᠨ ᠭᠦᠶᠦᠵᠦ᠂ ᠬᠥᠳᠡᠭᠡ ᠶᠢᠨ ᠬᠡᠦᠬᠡᠳ ᠲᠡᠢ ᠯᠠ ᠠᠳᠠᠯᠢ ᠦᠬᠡᠷ ᠦᠨ ᠪᠠᠭᠠᠰᠤᠨ ᠳ᠋ᠤ ᠬᠥᠯ ᠢᠶᠡᠨ ᠳᠦᠷᠦᠵᠦ ᠳᠤᠯᠠᠭᠠᠴᠠᠭᠤᠯᠤᠭᠠᠳ ᠬᠠᠷᠠᠶᠢᠯᠭᠠᠵᠤ ᠶᠠᠪᠤᠯ᠎ᠠ᠃ ᠠᠷᠪᠠᠨ ᠨᠠᠰᠤ ᠬᠦᠷᠲᠡᠯ᠎ᠡ ᠮᠢᠨᠢ ᠮᠢᠨᠦ ᠦᠰᠦ ᠶᠢ ᠠᠪᠳᠠᠭ ᠪᠠᠶᠢᠭᠰᠠᠨ᠃ ᠨᠢᠭᠡ ᠤᠳᠠᠭ᠎ᠠ ᠦᠰᠦᠨ ᠦ ᠮᠠᠨᠢ ᠲᠠᠯ᠎ᠠ ᠶᠢ ᠠᠪᠤᠭᠠᠳ᠂ ᠲᠠᠯ᠎ᠠ ᠶᠢ ᠨᠢ ᠦᠯᠡᠳᠡᠭᠡᠴᠢᠬᠡᠯᠡ᠃ ᠪᠦᠲᠦᠨ ᠠᠪᠤᠭᠠᠳ ᠠᠯᠢ ᠭᠡᠵᠦ ᠠᠪᠤ ᠶᠢ ᠭᠤᠶᠤᠭᠠᠳ ᠪᠠᠶᠢᠳᠠᠭ᠂ ᠠᠪᠤ ᠠᠪᠴᠤ ᠥᠭᠳᠡᠭ ᠦᠭᠡᠢ᠂ ᠪᠦᠷ ᠣᠷᠣᠢ ᠪᠣᠯᠤᠭᠰᠠᠨ ᠬᠣᠶᠢᠨᠠ ᠬᠣᠶᠠᠷ ᠡᠪᠦᠳᠦᠭ ᠦᠨ ᠬᠢ ᠪᠠᠨ ᠵᠠᠪᠰᠠᠷ ᠨᠠᠮ᠎ᠠ ᠶᠢ ᠬᠠᠪᠴᠢᠭᠤᠯᠵᠤ ᠰᠠᠭᠤᠯᠭᠠᠵᠤ ᠪᠠᠶᠢᠭᠠᠳ ᠠᠪᠴᠤ ᠥᠭᠭᠦᠭᠰᠡᠨ᠃ ᠪᠢᠳᠡᠨ ᠢᠶᠡᠷ ᠲᠡᠭᠡᠵᠦ ᠲᠣᠭᠯᠠᠭᠠᠮ ᠬᠢᠬᠦ ᠶᠠᠭᠤᠮ᠎ᠠ ᠪᠣᠳᠣᠵᠤ ᠣᠯᠬᠤ ᠳᠤ ᠪᠠᠨ ᠭᠠᠷᠭᠠᠭᠤᠳ᠃
ᠪᠢᠳᠡᠨ ᠢ ᠬᠠᠲᠠᠭᠤᠵᠢᠯᠲᠠᠢ᠂ ᠵᠣᠷᠢᠭᠲᠠᠢ ᠪᠣᠯᠭᠠᠬᠤ ᠭᠡᠵᠦ ᠶᠡᠬᠡ ᠬᠢᠴᠢᠶᠡᠳᠡᠭ ᠪᠠᠶᠢᠭᠰᠠᠨ᠃ ᠪᠢᠳᠡᠨ ᠳᠦ ᠣᠳᠣ ᠶᠢᠨ ᠺᠠᠷᠠᠲ᠋ᠧᠭᠢ ᠶᠢᠨ ᠮᠠᠶ᠋ᠢᠭ ᠤᠨ ᠶᠠᠭᠤᠮ᠎ᠠ ᠵᠢᠭᠠᠨ᠎ᠠ᠃ ᠭᠠᠳᠠᠭ᠎ᠠ ᠲᠦᠷᠨᠶᠢᠺ ᠲᠡᠢ᠃ ᠲᠡᠨᠳᠡ ᠦᠷᠭᠦᠯᠵᠢ ᠬᠢᠴᠢᠶᠡᠯᠯᠡᠭᠦᠯᠦᠨᠡ᠃ ᠪᠢᠳᠡ ᠦᠯᠢᠭᠡᠷ ᠶᠠᠷᠢᠭᠤᠯᠬᠤ ᠳᠤᠷᠠᠲᠠᠢ᠃ ᠭᠡᠲᠡᠯ᠎ᠡ ᠳᠠᠩᠳᠠ ᠴᠤ ᠴᠢᠳᠬᠦᠷᠲᠡᠢ᠂ ᠠᠶᠤᠮᠠᠷ ᠦᠯᠢᠭᠡᠷ ᠬᠡᠯᠡᠨ᠎ᠡ᠃ ᠨᠢᠭᠡ ᠡᠴᠡ ᠨᠢ ᠬᠡᠯᠡᠬᠦ ᠳᠦ᠂ ᠨᠢᠭᠡ ᠮᠣᠷᠢ ᠲᠠᠢ ᠬᠦᠮᠦᠨ ᠳᠠᠪᠠᠭ᠎ᠠ ᠳᠠᠪᠠᠵᠤ ᠶᠠᠪᠤᠵᠤ ᠭᠡᠨ᠎ᠡ᠃ ᠲᠡᠭᠡᠲᠡᠯ᠎ᠡ ᠨᠢᠭᠡ ᠬᠦᠮᠦᠨ ᠳᠠᠭᠠᠷᠢᠯᠳᠤᠭᠠᠳ᠂ 《 ᠰᠤᠨᠳᠠᠯᠠᠭᠠᠳ ᠶᠠᠪᠤᠭᠠᠴᠢ》 ᠭᠡᠬᠦ ᠳᠦ ᠲᠡᠭᠦᠨ ᠢ ᠠᠷᠤ ᠪᠠᠷ ᠢᠶᠠᠨ ᠰᠤᠨᠳᠠᠯᠠᠭᠠᠳ ᠶᠠᠪᠤᠵᠤ ᠳ᠋ᠡ᠃ ᠨᠥᠭᠥᠭᠡ ᠬᠦᠮᠦᠨ ᠴᠠᠭᠠᠰᠢ ᠪᠠᠨ ᠶᠠᠪᠤᠵᠤ ᠪᠠᠶᠢᠭᠰᠠᠨ ᠢᠶᠠᠨ ᠥᠪᠥᠷ ᠡᠴᠡ ᠪᠠᠨ ᠠᠭᠠᠷᠤᠤᠯ ᠭᠠᠷᠭᠠᠭᠠᠳ ᠢᠳᠡᠲᠡᠯ᠎ᠡ 《 ᠠᠭᠠᠷᠤᠤᠯ ᠠᠴᠠ ᠪᠠᠨ》 ᠭᠡᠳ ᠯᠠ ᠮᠥᠷᠦᠨ ᠳᠡᠭᠡᠭᠦᠷ ᠨᠢ ᠶᠠᠰᠤᠨ ᠭᠠᠷ ᠣᠷᠣᠵᠤ ᠢᠷᠡᠭᠰᠡᠨ ᠳᠦ᠂ ᠡᠷᠭᠢᠭᠡᠳ ᠬᠠᠷᠠᠪᠠᠯ ᠠᠷᠤ ᠳᠤ ᠨᠢ ᠠᠷᠤᠭ ᠶᠠᠰᠤ ᠰᠤᠨᠳᠠᠯᠠᠳᠠᠴᠢᠬᠠᠭᠰᠠᠨ ᠪᠠᠶᠢᠵᠠᠢ ᠭᠡᠳ ᠯᠠ ᠶᠠᠷᠢᠨ᠎ᠠ᠃ ᠪᠢᠳᠡᠨ ᠦ ᠤᠬᠠᠭᠠᠨ ᠦᠭᠡᠢ ᠠᠶᠤᠬᠤ ᠶᠢ ᠬᠡᠯᠡᠬᠦ ᠦᠦ᠃
ᠠᠪᠤ ᠬᠡᠪᠯᠡᠬᠦ ᠦᠢᠯᠡᠳᠪᠦᠷᠢ ᠳᠦ ᠠᠵᠢᠯᠯᠠᠵᠤ ᠪᠠᠶᠢᠭᠠᠳ ᠪᠠᠷᠢᠭᠳᠠᠭᠰᠠᠨ ᠶᠤᠮ᠃ ᠠᠪᠤ ᠶᠢ ᠱᠣᠷᠣᠩ ᠳᠤ ᠪᠠᠶᠢᠬᠤ ᠳᠤ ᠬᠡᠴᠡᠭᠦᠦ ᠪᠠᠶᠢᠭᠰᠠᠨ᠃ ᠨᠢᠮ᠎ᠠ ᠶᠢ ᠰᠤᠷᠭᠠᠭᠤᠯᠢ ᠠᠴᠠ ᠬᠥᠭᠡᠭᠡᠴᠢᠬᠡᠭᠰᠡᠨ᠃ ᠪᠠᠷᠰ ᠨᠢᠯᠬ᠎ᠠ᠃ ᠨᠢᠭᠡ ᠤᠳᠠᠭ᠎ᠠ ᠬᠡᠪᠯᠡᠬᠦ ᠦᠢᠯᠡᠳᠪᠦᠷᠢ ᠶᠢᠨ ᠬᠠᠰᠢᠶᠠᠨ ᠳᠤ ᠣᠴᠢᠭᠠᠳ ᠲᠦᠯᠡᠭᠡ ᠭᠤᠶᠤᠳᠠᠭ ᠶᠤᠮ ᠪᠠᠶᠢᠨ᠎ᠠ᠃ ᠭᠡᠲᠡᠯ᠎ᠡ ᠮᠠᠨᠠᠭᠠᠴᠢ ᠨᠢ 《ᠷᠢᠨᠴᠢᠨ ᠦ ᠪᠡᠯᠲᠡᠷᠭᠡ ᠨᠦᠭᠦᠳ ᠶᠠᠪᠤᠵᠤ ᠪᠠᠶᠢᠨ᠎ᠠ᠃ ᠨᠢᠳᠦ ᠶᠢ ᠨᠢ ᠬᠠᠷᠠᠭᠠᠴᠢ︕》 ᠭᠡᠳ ᠯᠠ ᠵᠠᠩᠨᠠᠵᠤ ᠭᠠᠷᠤᠯ᠎ᠠ᠃ ᠲᠡᠭᠡᠭᠡᠳ ᠬᠣᠶᠠᠷ ᠬᠡᠷᠴᠢᠮ ᠲᠦᠯᠡᠭᠡ ᠠᠪᠤᠭᠰᠠᠨ᠃ ᠮᠠᠷᠭᠠᠰᠢ ᠨᠢ ᠳᠠᠬᠢᠭᠠᠳ ᠯᠠ ᠣᠴᠢᠳᠠᠭ ᠶᠤᠮ ᠪᠠᠶᠢᠨ᠎ᠠ᠃ ᠲᠡᠭᠡᠲᠡᠯ᠎ᠡ ᠮᠠᠨᠠᠭᠠᠴᠢ 《 ᠨᠥᠭᠥᠭᠡ ᠪᠤᠷᠵᠢᠭᠢᠷ ᠪᠡᠯᠲᠡᠷᠭᠡ ᠶᠠᠪᠤᠵᠤ ᠪᠠᠶᠢᠨ᠎ᠠ᠂ ᠫᠤᠤᠳᠠᠬᠤ ᠶᠤᠮᠰᠠᠨ ᠭᠡᠵᠦ ᠠᠭᠠᠰᠢᠯᠠᠬᠤ ᠳᠤ ᠨᠢ 《 ᠲᠠ ᠫᠤᠤᠳᠠ ᠫᠤᠤᠳᠠ︕》 ᠭᠡᠳ ᠪᠠᠰᠠ ᠬᠣᠶᠠᠷ ᠬᠡᠷᠴᠢᠮ ᠲᠦᠯᠡᠭᠡ ᠠᠪᠤᠭᠠᠳ ᠵᠢᠭᠤᠲᠠᠭᠰᠠᠨ᠃
ᠡᠪᠦᠯ ᠪᠠᠷᠰ᠂ ᠱᠠᠨᠵᠠ ᠬᠣᠶᠠᠷ ᠳᠤᠮᠳᠠ ᠪᠠᠨ ᠨᠢᠭᠡ ᠭᠤᠲᠤᠯ ᠲᠠᠢ᠂ ᠣᠷᠣᠨ ᠳᠡᠭᠡᠷ᠎ᠡ ᠪᠡᠨ ᠯᠠ ᠰᠠᠭᠤᠵᠤ ᠪᠠᠶᠢᠨ᠎ᠠ᠃ ᠪᠢ ᠭᠠᠳᠠᠭ᠎ᠠ ᠭᠦᠶᠦᠵᠦ᠂ ᠨᠡᠭᠦᠷᠡᠰᠦ ᠬᠤᠯᠠᠭᠠᠶᠢᠯᠠᠨᠠ᠃ ᠭᠠᠯᠲᠤ ᠲᠡᠷᠭᠡᠨ ᠳᠡᠭᠡᠷ᠎ᠡ ᠭᠠᠷᠴᠤ ᠨᠡᠭᠦᠷᠡᠰᠦ ᠤᠨᠠᠭᠠᠨ᠎ᠠ᠃ ᠪᠠᠰᠠ ᠵᠣᠮᠣᠭᠣᠯ ᠲᠡᠭᠦᠨ᠎ᠡ᠃ ᠵᠣᠮᠣᠭᠣᠯ ᠳᠡᠭᠡᠷ᠎ᠡ ᠴᠤ ᠴᠢᠪᠠᠭᠠᠨᠴᠠ ᠨᠠᠷ ᠲᠠᠢ ᠦᠵᠡᠵᠦ ᠭᠠᠷᠤᠨ᠎ᠠ ᠳ᠋ᠠ᠃ 《 ᠨᠥᠭᠥᠭᠡ ᠪᠤᠷᠵᠢᠭᠢᠷ ᠲᠣᠯᠣᠭᠠᠢᠳᠤ ᠢᠷᠡᠵᠦ᠂ ᠨᠠᠭᠠᠳᠠᠬᠢ ᠶᠢ ᠪᠠᠨ ᠬᠥᠭᠡᠭᠡ᠂ ᠪᠤᠤ ᠣᠶᠢᠷᠠᠲᠤᠭᠤᠯ》 ᠭᠡᠵᠦ ᠢᠷᠡᠭᠡᠳ ᠴᠢᠪᠠᠭᠠᠨᠴᠠ ᠨᠠᠷ ᠨᠠᠮ᠎ᠠ ᠶᠢ ᠬᠠᠵᠢᠭᠯᠠᠨᠠ᠃ ᠬᠣᠨᠣᠴᠠ ᠬᠣᠨᠣᠴᠠ ᠳᠤ ᠪᠠᠨ ᠳᠤᠷ᠎ᠠ ᠦᠭᠡᠢ ᠭᠡᠵᠦ ᠲᠡᠷᠡ᠃
ᠠᠪᠤ ᠦᠬᠦᠭᠰᠡᠨ ᠠᠮᠢᠳᠤ ᠨᠢ ᠮᠡᠳᠡᠭᠳᠡᠬᠦ ᠦᠭᠡᠢ᠃ ᠨᠢᠭᠡ ᠡᠳᠦᠷ ᠮᠠᠨ ᠤ ᠳᠤ ᠳᠡᠪᠡᠯ ᠢᠶᠡᠨ ᠬᠥᠭᠡᠷᠭᠡᠭᠰᠡᠨ ᠬᠦᠮᠦᠨ ᠣᠷᠣᠵᠤ ᠢᠷᠡᠭᠡᠳ 《 ᠪᠢ ᠫᠸᠷᠯᠠᠢ᠌ ᠮᠦᠨ᠃ ᠡᠵᠢ ᠳᠦ ᠪᠡᠨ ᠨᠠᠮ᠎ᠠ ᠶᠢ ᠢᠷᠡᠭᠡᠳ ᠶᠠᠪᠤᠯ᠎ᠠ ᠭᠡᠭᠡᠷᠡᠢ》 ᠭᠡᠰᠡᠨ᠃ ᠬᠥᠳᠡᠭᠡ ᠶᠢᠨ ᠫᠸᠷᠯᠡᠢ ᠭᠤᠸᠠᠢ ᠠᠪᠤ ᠶᠢ ᠠᠮᠢᠳᠤ ᠮᠡᠨᠳᠦ ᠪᠠᠶᠢᠨ᠎ᠠ ᠭᠡᠵᠦ ᠮᠡᠳᠡᠭᠳᠡᠵᠦ ᠪᠠᠶᠢᠭ᠎ᠠ ᠨᠢ ᠲᠡᠷᠡ ᠪᠠᠶᠢᠭᠰᠠᠨ ᠶᠤᠮᠰᠠᠨᠵᠢ᠃ ᠠᠪᠤ ᠶᠢ ᠨᠢᠭᠡ ᠰᠥᠨᠢ ᠰᠤᠯᠠᠯᠠᠭᠳᠠᠭᠠᠳ ᠣᠷᠣᠵᠤ ᠢᠷᠡᠬᠦ ᠳᠦ ᠪᠢᠳᠡᠨ ᠦ ᠨᠠᠷᠠ ᠭᠠᠷᠤᠭᠰᠠᠨ ᠳ᠋ᠠ᠃
ᠠᠪᠤ ᠮᠠᠨᠢ ᠮᠣᠭᠠᠢ ᠵᠢᠯ ᠲᠡᠢ ᠶᠤᠮᠰᠠᠨ᠃ ᠨᠦᠬᠡᠲᠦ ᠶᠢᠨ ᠠᠮᠠᠨ ᠳᠤ ᠵᠤᠰᠠᠵᠤ ᠪᠠᠶᠢᠬᠤ ᠳᠤ ᠣᠷᠣᠨ ᠳᠣᠣᠷ᠎ᠠ ᠮᠣᠭᠠᠢ ᠦᠷᠭᠦᠯᠵᠢ ᠪᠠᠶᠢᠨ᠎ᠠ᠃ ᠠᠪᠤ ᠳ᠋ᠢᠶᠸᠽᠢᠨ ᠳᠦ ᠰᠦ ᠬᠢᠵᠦ ᠮᠣᠭᠠᠢ ᠳᠤ ᠳᠠᠩᠳᠠ ᠲᠠᠯᠪᠢᠵᠤ ᠥᠭᠭᠦᠨ᠎ᠡ᠃
ᠨᠦᠬᠡᠲᠦ ᠳᠦ ᠪᠠᠶᠢᠬᠤ ᠳᠤ ᠠᠦᠢᠰᠲᠷᠢ ᠶᠢᠨ ᠪᠧᠱᠣᠹᠹ ᠭᠦᠩ ᠠᠪᠤ ᠲᠠᠢ ᠠᠭᠤᠯᠵᠠᠨ᠎ᠠ ᠭᠡᠵᠦ ᠮᠠᠨ ᠤ ᠳᠤ ᠢᠷᠡᠳᠡᠭ ᠶᠤᠮ ᠪᠠᠶᠢᠨ᠎ᠠ᠃ ᠭᠦᠩ ᠠᠪᠤ ᠶᠢ ᠬᠣᠶᠢᠮᠣᠷ ᠲᠤ ᠪᠠᠨ ᠬᠥᠯ ᠨᠢᠴᠦᠭᠦᠨ ᠰᠠᠭᠤᠵᠤ ᠪᠠᠶᠢᠭ᠎ᠠ ᠶᠢ ᠱᠠᠭᠠᠶᠢᠵᠤ ᠬᠠᠷᠠᠴᠢᠬᠠᠭᠠᠳ᠂ ᠭᠠᠳᠠᠭ᠎ᠠ ᠭᠤᠲᠤᠯ ᠢᠶᠠᠨ ᠲᠠᠶᠢᠯᠤᠭᠠᠳ ᠣᠷᠣᠵᠤ ᠢᠷᠡᠯ᠎ᠡ᠃ ᠨᠢᠮ᠎ᠠ ᠪᠢᠳᠡ ᠬᠣᠶᠠᠷ ᠭᠦᠩᠲᠡᠨ ᠢ ᠱᠣᠣᠯᠠᠭᠠᠳ ᠦᠬᠦᠲᠡᠯ᠎ᠡ ᠪᠡᠨ ᠬᠥᠬᠥᠷᠥᠯᠡ᠃ ᠪᠧᠱᠣᠹᠹ ᠠᠪᠤ ᠲᠠᠢ ᠠᠯᠮᠠᠰ ᠶᠠᠷᠢᠵᠤ ᠪᠠᠶᠢᠭᠰᠠᠨ ᠢᠶᠠᠨ 《ᠶᠠᠮᠠᠷᠬᠠᠤ ᠦᠰᠦᠲᠡᠢ ᠠᠮᠢᠲᠠᠨ ᠶᠤᠮ ᠳ᠋ᠡ︖》 ᠭᠡᠵᠦ ᠠᠰᠠᠭᠤᠬᠤ ᠳᠤ ᠠᠪᠤ ᠥᠪᠡᠷ ᠦᠨ ᠬᠢ ᠨᠢ ᠪᠠᠭᠤᠤ ᠶᠢ ᠵᠢᠭᠠᠭᠠᠳ 《ᠡᠶᠢᠮᠦᠷᠬᠡᠦ ᠯᠠ ᠦᠰᠦᠲᠡᠢ ᠶᠤᠮ ᠳ᠋ᠠ》 ᠭᠡᠳᠡᠭ ᠪᠠᠶᠢᠭ᠎ᠠ᠃ ᠪᠢᠳᠡ ᠬᠣᠶᠠᠷ ᠲᠦᠰ ᠬᠢᠲᠡᠯ᠎ᠡ ᠢᠨᠢᠶᠡᠳᠦ ᠠᠯᠳᠠᠵᠤ᠂ ᠡᠵᠢ ᠳᠦ 《ᠠᠭᠠᠯᠢᠭᠦᠶᠢᠲᠦᠯᠡ》 ᠭᠡᠵᠦ ᠵᠠᠩᠨᠠᠭᠤᠯᠤᠭᠰᠠᠨ᠃
ᠶᠠᠭᠠᠬᠢᠭᠠᠳ ᠠᠪᠤ ᠶᠢᠨ ᠢᠶᠠᠨ ᠮᠡᠷᠭᠡᠵᠢᠯ ᠢ ᠠᠪᠤᠭ᠎ᠠ ᠦᠭᠡᠢ ᠶᠤᠮ ᠪᠤᠢ︖ ᠭᠡᠵᠦ ᠪᠢᠳᠡᠨ ᠡᠴᠡ ᠬᠦᠮᠦᠨ ᠶᠡᠬᠡ ᠠᠰᠠᠭᠤᠳᠠᠭ᠃ ᠦᠨᠡᠨ ᠳᠦ ᠪᠡᠨ ᠭᠡᠬᠦ ᠳᠦ ᠮᠣᠩᠭᠣᠯ ᠬᠡᠯᠡ ᠭᠡᠳᠡᠭ ᠴᠢᠨᠢ ᠤᠯᠤᠰ ᠲᠦᠷᠦ ᠶᠤᠮ ᠪᠠᠶᠢᠨ᠎ᠠ ᠭᠡᠵᠦ ᠣᠶᠢᠯᠠᠭᠠᠭᠰᠠᠨ᠃ ᠠᠪᠤ ᠰᠢᠭ ᠬᠦᠮᠦᠨ ᠡᠨᠡ ᠮᠡᠷᠭᠡᠵᠢᠯ ᠡᠴᠡ ᠪᠣᠯᠵᠤ ᠢᠩᠭᠢᠵᠦ ᠵᠣᠪᠠᠵᠤ ᠪᠠᠶᠢᠬᠤ ᠳᠤ ᠪᠢᠳᠡ ᠪᠣᠯ ᠳᠠᠪᠠᠬᠤ ᠦᠭᠡᠢ ᠭᠡᠵᠦ ᠪᠣᠳᠣᠭᠰᠠᠨ᠃ ᠲᠡᠭᠡᠭᠡᠳ ᠷᠢᠨᠴᠢᠨ ᠦ ᠤᠳᠤᠮ ᠢ ᠠᠪᠴᠤ ᠦᠯᠡᠳᠡᠶ᠎ᠡ ᠭᠡᠪᠡᠯ ᠡᠨᠡ ᠮᠣᠩᠭᠣᠯ ᠬᠡᠯᠡ ᠭᠡᠳᠡᠭ ᠡᠴᠡ ᠬᠣᠯᠠᠬᠠᠨ ᠪᠠᠶᠢᠶ᠎ᠠ ᠭᠡᠵᠦ ᠰᠢᠢᠳᠦᠭᠰᠡᠨ ᠶᠤᠮ ᠳ᠋ᠠ᠃ ᠠᠪᠤ ᠴᠤ ᠪᠢᠳᠡᠨ ᠢ ᠵᠠᠪᠠᠯ ᠮᠣᠩᠭᠣᠯ ᠬᠡᠯᠡᠨ ᠦ ᠮᠡᠷᠭᠡᠵᠢᠯᠲᠡᠨ ᠪᠣᠯᠭᠠᠬᠤ ᠭᠡᠵᠦ ᠵᠢᠳᠬᠦᠭᠡ ᠦᠭᠡᠢ᠃ 53 ᠣᠨ ᠳᠤ ᠬᠥᠳᠡᠭᠡ ᠠᠵᠤ ᠠᠬᠤᠢ ᠶᠢᠨ ᠶᠠᠮᠤᠨ ᠳᠤ ᠠᠵᠢᠯᠯᠠᠵᠤ ᠪᠠᠶᠢᠬᠤ ᠳᠤ ᠪᠠᠨ ᠪᠢ ᠨᠠᠮ ᠳᠤ ᠡᠯᠰᠡᠭᠰᠡᠨ ᠶᠤᠮ᠃ ᠭᠡᠲᠡᠯ᠎ᠡ ᠬᠤᠷᠠᠯᠳᠤᠭᠰᠠᠳ ᠹᠧᠣᠳᠠᠯ ᠤᠨ ᠬᠠᠭᠤᠴᠢᠨ ᠪᠢᠴᠢᠭ ᠢᠶᠡᠷ ᠨᠣᠮ ᠤᠩᠰᠢᠳᠠᠭ ᠤᠤ ᠭᠡᠵᠦ ᠨᠠᠳᠠ ᠠᠴᠠ ᠠᠰᠠᠭᠤᠵᠤ ᠪᠠᠶᠢᠭᠰᠠᠨ᠃ ᠤᠩᠰᠢᠳᠠᠭ ᠭᠡᠪᠡᠯ ᠨᠠᠮ ᠳᠤ ᠠᠪᠬᠤ ᠦᠭᠡᠢ ᠪᠠᠶᠢᠭᠰᠠᠨ ᠲᠤᠯᠠ ᠪᠢ ᠮᠡᠳᠡᠬᠦ ᠦᠭᠡᠢ ᠯᠠ ᠭᠡᠵᠦ ᠬᠠᠷᠢᠭᠤᠯᠤᠭᠰᠠᠨ᠃
ᠠᠪᠤ ᠪᠡᠶ᠎ᠡ ᠪᠡᠨ ᠣᠲᠣᠷᠯᠠᠬᠤ ᠶᠢ ᠶᠡᠷᠦ ᠪᠣᠳᠣᠳᠠᠭ ᠦᠭᠡᠢ᠃ ᠨᠢᠭᠡ ᠨᠢᠮᠭᠡᠨ ᠨᠣᠣᠰᠣᠨ ᠬᠥᠨᠵᠢᠯᠡ ᠲᠡᠢ᠂ ᠳᠠᠩᠳᠠ ᠲᠡᠭᠦᠪᠡᠷ ᠢᠶᠡᠨ ᠬᠤᠴᠢᠵᠤ ᠤᠨᠲᠠᠨ᠎ᠠ᠃ ᠪᠡᠶ᠎ᠡ ᠨᠢ ᠮᠠᠭᠤᠳᠠᠭᠰᠠᠨ ᠬᠣᠶᠢᠨᠠ ᠪᠠᠨ ᠴᠤ ᠲᠡᠭᠦᠪᠡᠷ ᠢᠶᠡᠨ ᠯᠠ ᠬᠤᠴᠢᠳᠠᠭ ᠪᠠᠶᠢᠯ᠎ᠠ᠃ ᠠᠪᠤ ᠡ᠂ ᠲᠠ ᠳᠠᠭᠠᠷᠠᠴᠢᠬᠠᠨᠠ᠂ ᠥᠭᠡᠷ᠎ᠡ ᠳᠤᠯᠠᠭᠠᠨ ᠶᠠᠭᠤᠮ᠎ᠠ ᠪᠠᠷ ᠬᠤᠴᠢᠨ᠎ᠠ ᠤᠤ ᠭᠡᠬᠦ ᠳᠦ ᠳᠤᠯᠠᠭᠠᠨ ᠶᠠᠭᠤᠮᠠᠨ ᠳᠤ ᠳᠠᠰᠠᠴᠢᠬᠠᠨᠠ᠂ ᠬᠡᠦᠬᠡ ᠭᠡᠵᠦ ᠪᠢᠯᠡ᠃ ᠬᠡᠳᠦᠬᠡᠨ ᠬᠣᠨᠣᠭ ᠤᠨ ᠨᠠᠰᠤ ᠲᠠᠢ ᠪᠠᠶᠢᠵᠤ ᠭᠡᠵᠦ ᠪᠣᠳᠣᠬᠤ ᠠᠴᠠ ᠬᠥᠭᠡᠷᠦᠬᠦᠢ ᠮᠠᠭᠤ ᠠᠪᠤ ᠪᠠᠨ ᠬᠡᠴᠢᠨᠡᠨ ᠥᠷᠥ ᠡᠪᠡᠳᠦᠭᠰᠡᠨ ᠭᠡ᠃
ᠠᠪᠤ ᠮᠢᠨᠢ ᠨᠠᠰᠤ ᠪᠠᠷᠠᠬᠤ ᠠᠴᠠ ᠪᠠᠨ ᠬᠡᠳᠦᠬᠡᠨ ᠬᠣᠨᠣᠭ ᠤᠨ ᠡᠮᠦᠨ᠎ᠡ 《ᠠᠪᠤ ᠨᠢ ᠮᠣᠩᠭᠣᠯ ᠢᠶᠠᠨ ᠭᠡᠭᠰᠡᠭᠡᠷ ᠶᠠᠪᠤᠭᠠᠳ ᠡᠶᠢᠮᠦ ᠪᠣᠯᠤᠯ᠎ᠠ ᠳ᠋ᠠ》 ᠭᠡᠵᠦ ᠨᠢᠭᠡ ᠬᠡᠯᠡᠭᠰᠡᠨ᠃ ᠢᠩᠭᠢᠵᠦ ᠬᠡᠯᠡᠬᠦ ᠨᠢ ᠴᠤ ᠠᠷᠭ᠎ᠠ ᠦᠭᠡᠢ ᠪᠠᠶᠢᠭᠰᠠᠨ ᠳ᠋ᠠ᠃
ᠶᠠᠷᠢᠶ᠎ᠠ ᠶᠢ ᠲᠡᠮᠳᠡᠭᠯᠡᠭᠰᠡᠨ ᠭ ᠊ ᠠᠺᠢᠮ
19
1