ᠠᠷᠭ᠎ᠠ ᠦᠭᠡᠢ ᠠᠮᠠᠷᠠᠭ
ᠪᠠᠪᠤᠤ ᠯᠾᠠᠭᠪᠠᠰᠦᠷᠦᠩ ᠤᠨ ᠰᠢᠯᠦᠭ
4042
2018-09-01 20:30
发表于:内蒙古
ᠪ ∙ ᡀᠠᠭᠸᠠᠰᠦ᠋ᠷᠦᠩ
ᠠᠷᠭ᠎ᠠ ᠦᠭᠡᠢ ᠠᠮᠠᠷᠠᠭ
ᠨᠠᠭᠤᠷ ᠲᠠᠭᠠᠨ ᠣᠷᠣᠶᠢᠲᠠᠵᠤ ᠢᠷᠡᠭᠰᠡᠨ ᠰᠢᠪᠠᠭᠤ ᠰᠢᠭ
ᠨᠢᠭᠤᠴᠠᠬᠠᠨ ᠬᠠᠶᠢᠷ᠎ᠠ ᠬᠠᠨᠢ ᠠᠴᠠ ᠬᠣᠵᠢᠳᠠᠵᠤ ᠢᠷᠡᠳᠡᠭ ᠡ
ᠢᠯᠡᠭᠦᠳᠡᠭᠰᠡᠨ ᠳᠤᠲᠠᠭᠤᠳᠠᠭᠰᠠᠨ ᠰᠡᠳᠬᠢᠯ ᠡᠴᠡ ᠪᠣᠯᠤᠭ᠎ᠠ ᠦᠭᠡᠢ ᠮᠥᠷᠲᠡᠯ᠎ᠡ
ᠢᠷᠡᠬᠦ ᠯᠠ ᠭᠡᠵᠦ ᠢᠷᠡᠳᠡᠭ ᠦᠢᠯᠡ ᠶᠢᠨ ᠦᠷ᠎ᠡ ᠪᠡᠨ
ᠪᠦᠲᠦᠨ ᠠᠮᠢᠳᠤᠷᠠᠯ ᠤᠨ ᠬᠠᠶᠢᠷ᠎ᠠ ᠴᠠᠪᠯᠠᠵᠤ
ᠪᠦᠷᠲᠦᠶᠢᠵᠦ ᠢᠷᠡᠭᠰᠡᠨ ᠪᠢᠲᠡᠭᠦᠦ ᠯᠠᠢ
ᠥᠪᠡᠷᠰᠡᠳ ᠢᠶᠡᠨ ᠯᠠ ᠰᠢᠨᠠᠯᠠᠬᠤ ᠪᠠᠷ ᠵᠠᠶᠠᠭᠠᠭᠰᠠᠨ
ᠡᠪᠡᠰᠦ ᠪᠠᠭᠲᠠᠬᠤ ᠦᠭᠡᠢ ᠪᠠᠴᠢᠭᠤ ᠵᠠᠢ
ᠰᠠᠷᠠᠨ ᠨᠠᠷᠠᠨ ᠬᠠᠭᠠᠴᠠᠬᠤᠢ ᠶᠢᠨ
ᠪᠦᠷᠦᠩᠬᠡᠢ ᠶᠢᠨ ᠵᠠᠭᠠᠭ ᠲᠤ ᠣᠨᠣᠭᠳᠠᠭᠰᠠᠨ
ᠰᠡᠭᠦᠳᠡᠷ ᠭᠡᠷᠡᠯ ᠬᠣᠶᠠᠷ ᠤᠨ
ᠪᠦᠯᠢᠶᠡᠬᠡᠨ ᠵᠠᠪᠰᠠᠷ ᠲᠤ ᠬᠠᠪᠴᠢᠭᠳᠠᠭᠰᠠᠨ
ᠦᠵᠡᠬᠦᠢ ᠰᠣᠨᠣᠰᠬᠤᠢ ᠬᠣᠶᠠᠷ ᠠᠴᠠ
ᠦᠷᠭᠦᠵᠦ ᠳᠠᠩᠳᠠ ᠵᠤᠯᠪᠠᠭᠰᠠᠨ
ᠡᠭᠦᠯᠡᠨ ᠴᠢᠯᠦᠭᠡᠨ ᠦ ᠵᠢᠷᠭᠠᠯ ᠳᠤ ᠪᠠᠨ
ᠦᠬᠦᠵᠦ ᠠᠯᠳᠠᠨ ᠵᠤᠯᠠᠯᠠᠭᠰᠠᠨ
ᠬᠠᠯᠢᠷᠠᠵᠤ ᠶᠠᠪᠤᠬᠤ ᠶᠢᠨ ᠡᠳ᠋ ᠱᠦᠭᠯᠡᠭᠰᠡᠨ
ᠬᠠᠶᠢᠷᠠᠲᠠᠢ ᠪᠠᠶᠢᠬᠤ ᠶᠢᠨ ᠠᠳᠠ ᠵᠠᠶᠢᠳᠠᠯᠠᠭᠰᠠᠨ
ᠬᠣᠷᠸ᠎ᠠ ᠶᠢᠨ ᠵᠣᠬᠢᠶᠠᠩᠭᠤᠢ ᠶᠢᠨ ᠬᠥᠯ ᠳᠦ ᠲᠠᠷᠠᠮᠳᠠᠵᠤ
ᠬᠠᠲᠠᠭᠤ ᠵᠣᠬᠢᠶᠠᠩᠭᠤᠢ ᠶᠢᠨ ᠰᠣᠯᠣᠭᠠᠢ ᠳᠤ ᠵᠠᠶᠠᠭᠠᠭᠰᠠᠨ
ᠪᠤᠷᠤᠭᠤ ᠤᠤ︖ ᠵᠥᠪ ᠦᠦ︖ ᠭᠡᠵᠦ ᠠᠰᠠᠭᠤᠬᠤ ᠳᠤ
ᠪᠤᠷᠬᠠᠨ ᠬᠦᠷᠲᠡᠯ᠎ᠡ ᠳᠤᠤᠭᠠᠷᠳᠠᠭ ᠦᠭᠡᠢ ᠬᠠᠴᠢᠨ ᠬᠠᠶᠢᠷ᠎ᠠ ᠪᠠᠨ
ᠬᠠᠶᠢᠷ᠎ᠠ ᠬᠡᠮᠡᠬᠦ ᠳᠠᠯᠠᠢ ᠶᠢᠨ ᠢᠷᠤᠭᠠᠷ ᠤᠨ
ᠬᠢᠰᠤᠭᠠᠨ ᠳᠤᠮᠳᠠᠬᠢ ᠳᠠᠯᠳᠠ ᠰᠤᠪᠤᠳ
ᠬᠠᠯᠠᠭᠤᠨ ᠤᠯᠠᠭᠠᠨ ᠭᠣᠣᠯ ᠳᠤ ᠪᠠᠨ ᠥᠪᠡᠷ ᠢᠶᠡᠨ ᠯᠠ ᠣᠯᠬᠤ ᠪᠠᠷ ᠨᠢᠭᠤᠭᠰᠠᠨ
ᠬᠠᠲᠤᠨ ᠰᠠᠭᠤᠳᠠᠯ ᠦᠭᠡᠢ ᠠᠷᠭ᠎ᠠ ᠦᠭᠡᠢ ᠠᠮᠠᠷᠠᠭ ᠢᠶᠡᠨ
ᠣᠩᠭᠣᠯᠠᠭᠤᠯᠬᠤ ᠳᠤ ᠮᠢᠨᠢ ᠬᠦᠷᠲᠡᠯ᠎ᠡ ᠳᠤᠲᠠᠵᠤ ᠳᠠᠭᠤᠰᠬᠤ
ᠣᠷᠴᠢᠯᠠᠩ ᠠᠴᠠ ᠨᠠᠳᠠ ᠳᠤ ᠥᠭᠭᠦᠭᠰᠡᠨ ᠬᠠᠭᠠᠰ ᠡᠷᠬᠡ ᠴᠢᠯᠦᠭᠡ
7
0