ᠶᠠᠭᠠᠬᠢᠵᠤ ᠪᠢ
ᠶᠠᠭᠠᠬᠢᠵᠤ ᠪᠢ
9605
2018-11-04 14:17
发表于:内蒙古
ᠶᠠᠭᠠᠬᠢᠵᠤ ᠪᠢ
ᠵᠢᠵᠢᠭ ᠳᠤᠮᠳᠠ ᠦᠢᠯᠡᠳᠪᠦᠷᠢ ᠦᠨ ᠵᠢᠭᠡᠯᠡᠳᠦᠭᠴᠢᠳ ᠰᠢᠭ ᠨᠡᠷ᠎ᠡ ᠬᠦᠨᠳᠦ ᠪᠡᠨ 《ᠨᠢᠭᠡ ᠲᠡᠷᠪᠤᠮ》 ᠍ ᠪᠠᠷ ᠠᠷᠠᠯᠵᠢᠵᠤ᠂ ᠤᠷᠤᠬᠤ ᠪᠠᠶᠢᠬᠤ ᠭᠠᠵᠠᠷ ᠢᠶᠠᠨ ᠣᠯᠵᠤ ᠶᠠᠳᠠᠨ ᠣᠷᠳᠣᠨ ᠢᠶᠠᠷ ᠨᠢᠭᠡ 《ᠪᠦᠯᠲᠡᠭᠡᠨᠡᠬᠦ》 ᠪᠤᠢ
ᠶᠠᠭᠠᠬᠢᠵᠤ ᠪᠢ
ᠪ ∙ ᠪᠠᠲᠤᠵᠣᠷᠢᠭ ᠰᠢᠭ ᠬᠠᠷᠢᠭᠤᠴᠠᠭᠰᠠᠨ ᠰᠠᠯᠪᠤᠷᠢ ᠪᠠᠨ ᠬᠤᠯᠠᠭᠠᠢ ᠬᠡᠶᠢᠴᠢᠬᠡᠭᠡᠳ᠂ 《ᠠᠭᠤᠴᠢᠯᠠᠭᠠᠷᠠᠢ》 ᠭᠡᠳᠡᠭ ᠭᠠᠭᠴᠠᠬᠠᠨ ᠦᠭᠡ ᠶᠢ ᠬᠣᠭᠣᠯᠠᠢ ᠪᠠᠷ ᠢᠶᠠᠨ ᠳᠠᠪᠠᠭᠤᠯᠵᠤ ᠴᠢᠳᠠᠬᠤ ᠦᠭᠡᠢ 《ᠥᠰᠢᠷᠬᠡᠬᠦ》ᠪᠤᠢ
ᠶᠠᠭᠠᠬᠢᠵᠤ ᠪᠢ
ᠶᠠ᠊ ∙ ᠰᠣᠳᠣᠪᠠᠭᠠᠲᠤᠷ ᠰᠢᠭ ᠡᠬᠡᠨᠡᠷ ᠦᠨ ᠢᠶᠡᠨ ᠨᠠᠶᠢᠵᠠ ᠨᠤᠭᠤᠳ ᠢ ᠲᠡᠷᠪᠤᠮ ᠢᠶᠠᠷ 《ᠡᠷᠬᠡᠯᠡᠭᠦᠯᠵᠦ》᠂ ᠬᠡᠳᠦᠬᠡᠨ ᠰᠠᠷ᠎ᠠ ᠶᠢᠨ ᠳᠠᠷᠠᠭ᠎ᠠ ᠥᠭᠭᠦᠭᠰᠡᠨ ᠮᠥᠩᠭᠥᠨ ᠦ ᠬᠢ ᠪᠡᠨ ᠲᠣᠭ᠎ᠠ ᠶᠢ ᠲᠠᠭ ᠮᠠᠷᠲᠠᠬᠤ ᠪᠤᠢ
ᠶᠠᠭᠠᠬᠢᠵᠣ ᠪᠢ
ᠵ ᠊ ᠡᠩᠬᠡᠪᠠᠶᠠᠷ ᠰᠢᠭ ᠡᠯᠳᠡᠪ ᠰᠠᠩ᠂ ᠲᠥᠰᠥᠯ ᠡᠴᠡ ᠠᠯᠭᠠᠰᠠᠬᠤ ᠦᠭᠡᠢ ᠲᠠᠭᠤᠵᠤ᠂ ᠲᠡᠷᠪᠤᠮᠲᠠᠨ ᠪᠣᠯᠤᠭᠰᠠᠨ ᠠᠲᠠᠯ᠎ᠠ ᠪᠠᠨ ᠰᠢᠳᠤᠷᠭᠤ ᠦᠨᠡᠨ ᠦ ᠭᠣᠣᠯ ᠳᠦᠷᠢ ᠳᠦ ᠰᠤᠷᠮᠠᠭᠠᠢ ᠭᠡᠭᠴᠢ ᠨᠢ ᠲᠣᠭᠯᠠᠬᠤ ᠪᠤᠢ
ᠶᠠᠭᠠᠬᠢᠵᠤ ᠪᠢ
ᠨ ∙ ᠤᠴᠠᠷᠠᠯ ᠰᠢᠭ ᠪᠠᠷᠢᠭᠳᠠᠩᠭᠤᠲᠠ ᠪᠠᠨ ᠬᠤᠯᠠᠭᠠᠶᠢᠯᠠᠭᠰᠠᠨ ᠮᠥᠩᠭᠥ ᠪᠡᠨ ᠨᠢᠭᠤᠷ ᠤᠷᠤᠭᠤ ᠨᠢ ᠬᠤᠶᠢᠯᠠᠵᠤ ᠰᠢᠳᠡᠨ᠂ ︽ᠬᠤᠯᠠᠭᠠᠶᠢᠴᠢ ᠲᠠᠢ ᠲᠡᠮᠡᠴᠡᠨ᠎ᠡ 》 ᠭᠡᠵᠦ ᠭᠡᠨᠡᠨ ᠬᠣᠩᠭᠣᠷᠲᠠᠨ ᠣᠯᠠᠨ ᠢᠶᠠᠷ 《ᠥᠬᠦᠭᠡᠷᠳᠡᠭᠦᠯᠬᠦ》 ᠪᠤᠢ
ᠶᠠᠭᠠᠬᠢᠵᠤ ᠪᠢ
ᠠ᠊ ∙ ᠰᠤᠯᠲᠠᠨ ᠰᠢᠭ ᠶᠡᠬᠡ ᠬᠤᠷᠠᠯ ᠳᠤ 3 ᠵᠢᠯ ᠰᠠᠭᠤᠭᠠᠳ ᠲᠠᠨᠢᠭᠳᠠᠭ᠎ᠠ ᠦᠭᠡᠢ ᠮᠥᠷᠲᠡᠯ᠎ᠡ ᠵᠢᠵᠢᠭ ᠳᠤᠮᠳᠠ ᠦᠢᠯᠡᠳᠪᠦᠷᠢ ᠢᠶᠡᠷ 3 ᠬᠣᠨᠣᠭ ᠲᠤ ᠲᠠᠨᠢᠭᠳᠠᠵᠤ᠂ ᠬᠡᠯᠡ ᠬᠥᠯ ᠳᠦ ᠵᠡᠷᠭᠡ ᠣᠷᠣᠵᠤ᠂ ᠬᠣᠲᠠᠯᠠ ᠶᠢ ᠪᠠᠶᠠᠰᠭᠠᠬᠤ ᠪᠤᠢ
ᠶᠠᠭᠠᠬᠢᠵᠤ ᠪᠢ
ᠪ ∙ ᠤᠨᠳᠤᠷᠮ᠎ᠠ ᠰᠢᠭ 128 ᠲᠡᠷᠪᠤᠮ ᠤᠨ ᠬᠥᠷᠥᠩᠭᠡ ᠲᠡᠢ᠂ ᠳᠡᠭᠡᠷ᠎ᠡ ᠡᠴᠡ ᠨᠢ ᠬᠤᠪᠢ ᠶᠢᠨ ᠪᠠᠩᠬᠢ ᠲᠠᠢ ᠮᠥᠷᠲᠡᠯ᠎ᠡ 《ᠵᠢᠵᠢᠭ ᠳᠤᠮᠳᠠ》 ᠠᠩᠭᠢᠯᠠᠯ ᠳᠤ ᠪᠠᠭᠲᠠᠵᠤ ᠵᠢᠭᠡᠯᠡ ᠠᠪᠬᠤ ᠪᠤᠢ
ᠶᠠᠭᠠᠬᠢᠵᠤ ᠪᠢ
ᠲᠡᠭᠦᠨ ᠢ ᠵᠢᠵᠢᠭ᠌ ᠳᠤᠮᠳᠠ ᠦᠢᠯᠠᠳᠪᠦᠷᠢ ᠶᠢᠨ 3 ᠬᠤᠪᠢ ᠶᠢᠨ ᠬᠥᠦ ᠲᠡᠢ ᠵᠢᠭᠡᠯᠡ ᠶᠢ ᠬᠤᠪᠢ ᠶᠢᠨ ᠪᠠᠩᠬᠢ ᠪᠠᠷ ᠢᠶᠠᠨ 30 ᠬᠤᠪᠢ ᠪᠣᠯᠭᠠᠨ ᠵᠢᠭᠡᠯᠡᠳᠦᠭᠦᠯᠵᠦ᠂ ᠶᠠᠳᠠᠷᠠᠭᠰᠠᠨ ᠠᠷᠠᠳ ᠢᠶᠡᠨ ᠱᠤᠯᠤᠭᠰᠠᠨ ᠭᠡᠵᠦ ᠬᠠᠷᠠᠳᠠᠬᠤ ᠦᠭᠡᠢ ᠪᠠᠶᠢᠵᠤ ᠴᠢᠳᠠᠬᠤ ᠪᠤᠢ
ᠶᠠᠭᠠᠬᠢᠵᠤ ᠪᠢ
ᠡᠳᠡᠭᠡᠷ ᠭᠡᠰᠢᠭᠦᠳ ᠡᠴᠡ ᠠᠪᠤᠭᠰᠠᠨ ᠵᠢᠭᠡᠯᠡᠭᠡ ᠵᠣᠷᠢᠭᠤᠯᠤᠯᠲᠠ ᠶᠢᠨ ᠳᠠᠭᠠᠤ ᠦᠢᠯᠡᠳᠪᠦᠷᠢᠯᠡᠯ ᠡᠷᠬᠢᠯᠡᠵᠦ ᠪᠠᠶᠢᠭ᠎ᠠ ᠨᠢ ᠶᠠᠳᠠᠵᠤ ᠭᠠᠭᠴᠠ ᠨᠢᠭᠡ ᠪᠠᠶᠢᠭ᠎ᠠ ᠭᠡᠳᠡᠭ ᠲᠦ ᠢᠲᠡᠭᠡᠬᠦ ᠪᠤᠢ
ᠶᠠᠭᠠᠬᠢᠵᠤ ᠪᠢ
ᠮᠣᠩᠭᠤᠯ ᠤᠨ ᠠᠷᠠᠳ ᠤᠨ ᠨᠠᠮ ᠤᠨ ᠭᠧᠨᠰᠧᠺ ᠳ ᠊ ᠠᠮᠤᠷᠪᠠᠶᠠᠰᠬᠤᠯᠠᠩ ᠬᠦᠷᠲᠡᠯ᠎ᠡ ᠵᠢᠵᠢᠭ᠌ ᠳᠤᠮᠳᠠ ᠦᠢᠯᠠᠳᠪᠦᠷᠢᠯᠡᠯ ᠦᠨ ᠵᠡᠭᠡᠯᠢ ᠠᠪᠴᠤ ᠂ ᠤᠯᠤᠰ ᠲᠥᠷᠥ ᠶᠢᠨ ᠨᠠᠮ ᠳᠤ ᠶᠠᠭ ᠶᠠᠮᠠᠷ 《ᠦᠢᠯᠡᠳᠪᠦᠷᠢᠯᠡᠯ ︾ ᠶᠠᠪᠤᠭᠤᠯᠤᠭᠰᠠᠨ ᠤ ᠤᠴᠢᠷ ᠢ ᠤᠯᠬᠤ ᠪᠤᠢ
ᠶᠠᠭᠠᠬᠢᠵᠤ ᠪᠢ
ᠶᠡᠷᠦᠩᠬᠡᠢ ᠫᠷᠣᠺᠤᠶᠢᠷᠣᠷ ᠤᠨ ᠣᠷᠣᠯᠠᠭᠴᠢ ᠪ ∙ ᠠᠮᠤᠭᠤᠯᠠᠩᠪᠠᠭᠠᠲᠤᠷ ᠰᠢᠭ ᠬᠠᠤᠯᠢ ᠴᠠᠭᠠᠵᠠ ᠶᠢᠨ ᠲᠠᠩᠭᠠᠷᠢᠭ ᠠᠴᠠ ᠪᠠᠨ ᠬᠤᠯᠠᠭᠠᠶᠢᠴᠢ ᠲᠠᠢ ᠨᠡᠶᠢᠯᠡᠵᠦ ᠬᠤᠯᠠᠭᠠᠢ ᠬᠢᠵᠦ ᠪᠠᠷᠢᠭᠳᠠᠲᠠᠯᠠ ᠪᠠᠨ ᠨᠢᠴᠤᠬᠤ ᠪᠤᠢ
ᠶᠠᠭᠠᠬᠢᠵᠤ ᠪᠢ
ᠤ᠊ ∙ ᠬᠦᠷᠡᠯᠰᠦ᠋ᠬᠡ ᠶᠢᠨ ᠬᠤᠷᠴᠠ ᠰᠡᠯᠡᠮ᠎ᠡ ᠪ ∙ ᠪᠠᠲᠤᠵᠣᠷᠢᠭ ᠤᠨ 《ᠪᠥᠨᠲᠥᠭᠡᠷ》 ᠍ ᠢ ᠪᠣᠳᠣᠬᠤ ᠶᠠᠭᠤᠮ᠎ᠠ ᠦᠭᠡᠢ ᠴᠠᠪᠴᠢᠭᠰᠠᠨ ᠮᠥᠷᠲᠡᠯ᠎ᠡ ᠲᠡᠭᠦᠨ ᠲᠡᠢ ᠶᠠᠭ ᠠᠳᠠᠯᠢᠬᠠᠨ ᠰᠠᠶᠢᠳ ᠶᠠ᠊ ∙ ᠰᠣᠳᠣᠪᠠᠭᠠᠲᠤᠷ ᠤᠷᠤᠭᠤ ᠳᠠᠯᠠᠶᠢᠵᠤ ᠴᠤ ᠠᠮᠵᠢᠯ ᠦᠭᠡᠢ ᠬᠤᠭᠤ ᠦᠰᠦᠷᠦᠭᠰᠡᠨ ᠦ ᠨᠢᠭᠤᠴᠠ ᠶᠢ ᠲᠠᠶᠢᠯᠬᠤ ᠪᠤᠢ
ᠶᠠᠭᠠᠬᠢᠵᠤ ᠪᠢ
ᠠᠷᠠᠳᠴᠢᠯᠠᠭᠰᠠᠨ ᠨᠠᠮ᠂ ᠠᠷᠠᠳ ᠤᠨ ᠨᠠᠮ ᠬᠣᠶᠠᠷ ᠰᠢᠭ 《ᠬᠡᠨ ᠨᠢ ᠶᠡᠬᠡ ᠢᠳᠡᠳᠡᠭ ᠪᠤᠢ》 ᠷᠸᠶᠠᠯᠢᠰᠲ ᠱᠣᠣ ᠳ᠋ᠤ ᠬᠠᠮᠲᠤ ᠳᠤ ᠪᠠᠨ ᠣᠷᠣᠯᠴᠠᠵᠤ᠂ ᠲᠦᠮᠡᠨ ᠦ ᠳᠣᠭᠣᠭᠢ᠂ ᠲᠥᠷᠥ ᠶᠢᠨ ᠡᠮᠭᠡᠨᠢᠯ ᠪᠣᠯᠬᠤ ᠪᠤᠢ
ᠶᠠᠭᠠᠬᠢᠵᠤ ᠪᠢ
《ᠵᠢᠵᠢᠭ ᠳᠤᠮᠳᠠ ᠦᠢᠯᠡᠳᠪᠦᠷᠢ》 ᠲᠣᠭᠣᠷᠢᠭᠰᠠᠨ ᠮᠡᠳᠡᠭᠡᠯᠡᠯ ᠰᠢᠭ ᠲᠥᠷᠥ ᠶᠢᠨ ᠢᠯᠵᠠᠷᠠᠯ ᠢ ᠲᠦᠮᠡᠨ ᠦ ᠬᠦᠴᠥ ᠪᠡᠷ ᠠᠭᠤᠳᠠᠯᠠᠵᠤ᠂ ᠤᠪᠠᠢ ᠦᠭᠡᠢ ᠯᠤᠶᠢᠪᠠᠷᠴᠢᠳ ᠢ 《ᠴᠠᠭᠠᠵᠠ ᠶᠢᠨ ᠲᠠᠪᠴᠠᠩ》 ᠍ ᠳᠦ ᠨᠢᠭᠡ ᠨᠢᠭᠡ ᠪᠡᠷ ᠨᠢ ᠲᠠᠭᠤᠳᠠᠬᠤ ᠪᠤᠢ
ᠶᠠᠭᠠᠬᠢᠵᠤ ᠪᠢ
ᠦᠯᠡᠳᠡᠭᠰᠡᠨ ᠵᠢᠵᠢᠭ ᠳᠤᠮᠳᠠ ᠦᠢᠯᠡᠳᠪᠦᠷᠢ ᠦᠨ ᠵᠢᠭᠡᠯᠡᠳᠦᠭᠴᠢᠳ ᠰᠢᠭ ᠵᠠᠯᠢᠳᠠᠵᠤ ᠠᠪᠤᠭᠰᠠᠨ ᠵᠢᠭᠡᠯᠡ ᠨᠢ ᠢᠯᠡᠷᠡᠬᠦ ᠪᠤᠢ ᠭᠡᠬᠦ ᠡᠴᠡ ᠠᠶᠤᠵᠤ ᠵᠢᠭᠤᠲᠠᠭᠰᠠᠭᠠᠷ ᠂ ᠲᠥᠰᠥᠪ ᠪᠠᠲᠤᠯᠠᠬᠤ ᠳᠤ ᠴᠤ ᠴᠢᠭᠤᠯᠭᠠᠨ ᠳᠤ ᠪᠠᠨ ᠰᠠᠭᠤᠵᠤ ᠴᠢᠳᠠᠬᠤ ᠦᠭᠡᠢ ᠪᠣᠯᠲᠠᠯ᠎ᠠ ᠪᠠᠨ 《ᠰᠠᠨᠳᠤᠷᠤᠯᠳᠤᠬᠤ》ᠪᠤᠢ
ᠶᠠᠭᠠᠬᠢᠵᠤ ᠪᠢ
ᠵᠢᠵᠢᠭ ᠳᠤᠮᠳᠠ ᠦᠢᠯᠡᠳᠪᠦᠷᠢ ᠦᠨ 1 ᠲᠡᠷᠪᠤᠮ ᠤᠨ ᠵᠢᠭᠡᠯᠡ ᠶᠢ ᠲᠣᠭᠣᠷᠢᠨ ᠪᠢᠳᠡᠨ ᠢ ᠬᠡᠷᠡᠯᠳᠦᠬᠦ ᠬᠣᠭᠣᠷᠣᠨᠳᠣ ᠵᠠᠷᠢᠮ ᠭᠡᠰᠢᠭᠦᠳ ᠺᠣᠨᠼᠧᠰ ᠨᠡᠷ᠎ᠡ ᠪᠡᠷ 70 ᠲᠡᠷᠪᠤᠮ ᠢ ᠬᠤᠪᠢ ᠶᠢᠨ ᠺᠣᠮᠫᠠᠨᠢ ᠳᠤ ᠪᠠᠨ ᠠᠪᠴᠤ ᠪᠠᠶᠢᠭ᠎ᠠ ᠶᠢ ᠢᠯᠡᠴᠢᠯᠡᠬᠦ ᠪᠤᠢ
ᠶᠠᠭᠠᠬᠢᠵᠤ ᠪᠢ ᠁
ᠰᠡᠳᠬᠦᠯᠴᠢ ᠪ ∙ ᠣᠳᠬᠣᠨ 2018.11.03
3 0