ᠬᠤᠷᠢᠮ ᠤᠨ ᠨᠠᠶᠢᠷ ᠳᠡᠭᠡᠷ᠎ᠡ ᠬᠦ ᠶᠢᠨ ᠡᠴᠢᠭᠡ ᠶᠢᠨ ᠬᠡᠯᠡᠭᠰᠡᠨ ᠦᠭᠡ
ᠬᠤᠷᠢᠮ ᠤᠨ ᠨᠠᠶᠢᠷ ᠳᠡᠭᠡᠷ᠎ᠡ ᠬᠦ ᠶᠢᠨ ᠡᠴᠢᠭᠡ ᠶᠢᠨ ᠬᠡᠯᠡᠭᠰᠡᠨ ᠦᠭᠡ
9055
2018-11-04 10:36
发表于:内蒙古
ᠬᠤᠷᠢᠮ ᠤᠨ ᠨᠠᠶᠢᠷ ᠳᠡᠭᠡᠷ᠎ᠡ ᠬᠦ ᠶᠢᠨ ᠡᠴᠢᠭᠡ ᠶᠢᠨ ᠬᠡᠯᠡᠭᠰᠡᠨ ᠦᠭᠡ
ᠡᠷᠬᠢᠮ ᠬᠦᠨᠳᠦᠳᠥ ᠠᠬ᠎ᠠ ᠳᠡᠭᠦᠦ ᠲᠥᠷᠦᠯ ᠲᠥᠷᠦᠭᠰᠡᠳ᠂
ᠬᠦᠨᠳᠦᠳᠥ ᠬᠤᠳᠠ ᠤᠷᠤᠭ᠂ ᠨᠠᠶᠢᠵᠠ ᠨᠥᠬᠥᠳ᠂
ᠬᠠᠶᠢᠷᠠᠲᠤ ᠬᠦᠦ᠂ ᠪᠡᠷᠢ
ᠲᠠ ᠪᠦᠬᠦᠨ ᠦ ᠬᠢ ᠪᠡᠨ ᠡᠨᠡ ᠡᠳᠦᠷ ᠦᠨ ᠲᠦᠮᠡᠨ ᠠᠮᠤᠭᠤᠯᠠᠩ ᠢ ᠠᠶᠢᠯᠠᠳᠬᠠᠵᠤ ᠬᠦᠦ ᠪᠡᠷᠢ ᠬᠣᠶᠠᠷ ᠤᠨ ᠢᠶᠠᠨ ᠬᠤᠷᠢᠮ ᠨᠠᠶᠢᠷ ᠤᠨ ᠪᠠᠶᠠᠷ ᠤᠨ ᠮᠡᠨᠳᠦᠴᠢᠯᠡᠭᠡ ᠶᠢ ᠡᠷᠭᠦᠨ ᠳᠡᠪᠰᠢᠭᠦᠯᠦᠶ᠎ᠡ᠃
ᠮᠢᠨᠦ ᠬᠦᠦ ᠪᠡᠷᠢ ᠨᠠᠷ ᠮᠠᠨᠢ ᠥᠯᠵᠡᠢ ᠳᠡᠮᠪᠡᠷᠢᠯ ᠪᠦᠷᠢᠳᠦᠭᠰᠡᠨ ᠨᠠᠮᠤᠷ ᠤᠨ ᠳᠤᠮᠳᠠ ︵ ᠰᠡᠭᠦᠯ ︶ ᠰᠠᠷ᠎ᠠ ᠶᠢᠨ ᠡᠨᠡ ᠢᠷᠦᠭᠡᠯᠲᠦ ᠰᠠᠶᠢᠬᠠᠨ ᠡᠳᠦᠷ ᠬᠡᠳᠦᠬᠡᠨ ᠬᠣᠷᠤᠮ ᠤᠨ ᠡᠮᠦᠨ᠎ᠡ ᠲᠥᠷᠥ ᠳᠦ ᠪᠡᠨ ᠪᠦᠷᠢᠳᠬᠡᠭᠦᠯᠵᠦ᠂ ᠬᠠᠤᠯᠢ ᠶᠣᠰᠣᠨ ᠤ ᠭᠡᠷ ᠪᠦᠯᠢ ᠪᠣᠯᠤᠭᠰᠠᠨ᠂ ᠬᠥᠮᠥᠨ ᠦ ᠠᠮᠢᠳᠤᠷᠠᠯ ᠳᠤ ᠬᠡᠵᠢᠶ᠎ᠡ ᠴᠤ ᠦᠯᠦ ᠮᠠᠷᠲᠠᠭᠳᠠᠬᠤ ᠡᠨᠡᠬᠦ ᠪᠠᠶᠠᠷᠲᠤ ᠦᠢᠯᠡ ᠶᠠᠪᠤᠳᠠᠯ ᠢ ᠪᠢᠳᠡᠨ ᠦ ᠬᠠᠮᠤᠭ ᠤᠨ ᠬᠦᠨᠳᠦᠲᠡᠢ ᠣᠶᠢᠷ᠎ᠠ ᠳᠣᠲᠣᠨᠤ ᠶᠢᠨ ᠬᠦᠮᠦᠰ ᠪᠣᠯᠬᠤ ᠲᠠ ᠪᠦᠬᠦᠨ ᠲᠡᠢ ᠪᠡᠨ ᠬᠠᠮᠲᠤᠷᠠᠨ ᠲᠡᠮᠳᠡᠭᠯᠡᠬᠦ ᠪᠡᠷ ᠰᠠᠷᠠᠭᠤᠯ ᠰᠠᠶᠢᠬᠠᠨ ᠡᠨᠡ ᠲᠠᠩᠬᠢᠮ ᠳᠤ ᠲᠠ ᠪᠦᠭᠦᠳᠡ ᠶᠢ ᠪᠡᠨ ᠤᠷᠢᠨ ᠵᠠᠯᠠᠭᠰᠠᠨ ᠶᠤᠮ᠃
ᠢᠷᠡᠭᠡᠳᠦᠢ ᠶᠢᠨ ᠠᠮᠢᠳᠤᠷᠠᠯ ᠢᠶᠠᠨ ᠲᠥᠪᠬᠢᠨᠡᠭᠦᠯᠵᠦ᠂ ᠭᠠᠯ ᠭᠣᠯᠣᠮᠲᠠ ᠪᠠᠨ ᠪᠠᠳᠠᠷᠠᠭᠠᠵᠤ ᠪᠠᠶᠢ᠍ᠭᠠ ᠳ᠋ᠤ ᠠᠪᠤ ᠡᠵᠢ 2 ᠴᠢᠨᠢ ᠴᠢᠩ ᠰᠡᠳᠬᠢᠯ ᠡᠴᠡ ᠪᠡᠨ ᠪᠠᠶᠠᠷᠯᠠᠵᠤ ᠪᠠᠶᠢᠨ᠎ᠠ᠃ ᠶᠠᠭᠤᠮ᠎ᠠ ᠭᠡᠳᠡᠭ ᠳᠠᠩᠳᠠ ᠰᠠᠨᠠᠭᠰᠠᠨ ᠬᠦᠰᠡᠭᠰᠡᠨ ᠮᠥᠷᠦᠭᠡᠳᠦᠭᠰᠡᠨ ᠢᠶᠡᠷ ᠪᠣᠯᠬᠤ ᠦᠭᠡᠢ ᠡ᠂ ᠠᠮᠢᠳᠤᠷᠠᠯ ᠪᠠᠶᠠᠨ᠂ ᠪᠠᠶᠢᠩᠭᠤ ᠰᠢᠯᠤᠭᠤᠨ ᠳᠠᠷᠳᠠᠨ ᠵᠠᠮ ᠴᠤ ᠲᠠᠭᠠᠷᠠᠯᠳᠤᠭᠠᠳ ᠪᠠᠶᠢᠳᠠᠭ ᠦᠭᠡᠢ ᠶᠢ ᠪᠣᠳᠣᠵᠤ ᠠᠯᠢᠪᠠ ᠳᠤ ᠤᠬᠠᠭᠠᠯᠢᠭ᠂ ᠬᠦᠯᠢᠶᠡᠴᠡ ᠲᠡᠪᠴᠢᠶᠡᠷᠢ ᠲᠡᠢ ᠬᠠᠨᠳᠤᠵᠤ᠂ ᠭᠣᠣᠯᠴᠢ ᠰᠢᠳᠤᠷᠭᠤ ᠴᠢᠭ ᠱᠤᠭᠤᠮ ᠢ ᠠᠮᠢᠳᠤᠷᠠᠯ ᠤᠨ ᠢᠶᠠᠨ ᠵᠠᠷᠴᠢᠮ᠂ ᠬᠡᠮ ᠬᠡᠮᠵᠢᠶ᠎ᠡ ᠪᠣᠯᠭᠠᠵᠤ ᠪᠠᠶᠢᠬᠤ ᠨᠢ ᠴᠢᠬᠤᠯᠠ ᠰᠢᠦ᠃
ᠰᠤᠷᠴᠤ ᠮᠡᠳᠡᠬᠦ ᠶᠢ ᠡᠷᠬᠢᠮ ᠵᠣᠷᠢᠯᠭ᠎ᠠ ᠪᠠᠨ᠂ ᠬᠢᠵᠦ ᠪᠦᠲᠦᠭᠡᠬᠦ ᠶᠢ ᠠᠷᠢᠭᠤᠨ ᠦᠢᠯᠡᠰ ᠢᠶᠡᠨ ᠪᠣᠯᠭᠠᠵᠤ ᠨᠡᠶᠢᠭᠡᠮ ᠳᠦ ᠡᠵᠡᠯᠡᠬᠦ ᠥᠪᠡᠷᠰᠡᠳ ᠦᠨ ᠪᠠᠶᠢᠷᠢ ᠰᠠᠭᠤᠷᠢ ᠪᠠᠨ ᠵᠥᠪ ᠣᠯᠵᠤ ᠨᠡᠷ᠎ᠡ ᠲᠡᠢ ᠬᠦᠨᠳᠦᠲᠡᠢ ᠶᠠᠪᠤᠬᠤ ᠰᠢᠭ ᠪᠠᠬᠠᠷᠬᠠᠯ ᠲᠠᠢ ᠵᠦᠢᠯ ᠢᠷᠭᠡᠨ ᠬᠥᠮᠦᠨ ᠳ᠋ᠤ ᠪᠠᠶᠢᠳᠠᠭ ᠦᠭᠡᠢ ᠶᠤᠮ ᠰᠢᠦ᠃
ᠠᠶᠢᠯ ᠭᠡᠷ ᠦᠨ ᠠᠮᠢᠳᠤᠷᠠᠯ ᠥᠭᠡᠳᠡᠷᠡᠭ ᠪᠠᠶᠢᠬᠤ ᠨᠢ ᠭᠡᠷ ᠪᠦᠯᠢ ᠶᠢᠨ ᠨᠥᠬᠥᠷ ᠡᠬᠡᠨᠡᠷ 2 ᠍ ᠤᠨ ᠥᠪᠡᠷᠰᠡᠳ ᠦᠨ ᠬᠢ ᠨᠢ ᠬᠢᠴᠢᠶᠡᠯ ᠵᠢᠳᠬᠦᠯ ᠡᠴᠡ ᠶᠡᠬᠡᠩᠬᠢ ᠳᠦ ᠪᠡᠨ ᠰᠢᠯᠲᠠᠭᠠᠯᠠᠳᠠᠭ ᠶᠤᠮ᠃
ᠪᠡᠶ᠎ᠡ ᠪᠡᠶ᠎ᠡ ᠪᠠᠨ ᠬᠠᠶᠢᠷᠠᠯᠠᠨ ᠬᠦᠨᠳᠦᠳᠭᠡᠵᠦ᠂ ᠨᠢᠭᠡᠳᠦᠮᠡᠯ ᠰᠠᠨᠠᠭ᠎ᠠ ᠨᠢᠭᠡ ᠵᠣᠷᠢᠯᠭ᠎ᠠ ᠲᠠᠢ ᠠᠮᠢᠳᠤᠷᠠᠵᠤ᠂ ᠥᠪᠯᠡᠭᠦᠯᠦᠭᠰᠡᠨ ᠪᠠᠭᠠᠬᠠᠨ ᠥᠪ᠂ ᠥᠪᠡᠷᠰᠡᠳ ᠦᠨ ᠪᠦᠲᠦᠭᠡᠬᠦ ᠴᠢᠳᠠᠪᠤᠷᠢ ᠳ᠋ᠤ ᠪᠠᠨ ᠲᠦᠰᠢᠭᠯᠡᠨ ᠠᠶᠢᠯ ᠭᠡᠷ ᠢ ᠠᠪᠴᠤ ᠶᠠᠪᠤᠬᠤ ᠳᠤ ᠭᠡᠷ ᠦᠨ ᠡᠵᠡᠨ ᠦ ᠡᠭᠦᠷᠭᠡ ᠢᠯᠡᠭᠦᠦ ᠶᠡᠬᠡ ᠭᠡᠳᠡᠭ ᠢ ᠰᠠᠨᠠᠵᠤ ᠶᠠᠪᠤᠬᠤ ᠶᠢ ᠬᠦᠦ ᠳᠦ ᠪᠡᠨ᠂ ᠭᠡᠷ ᠪᠦᠯᠢ ᠶᠢᠨ ᠳᠣᠲᠣᠷ᠎ᠠ ᠬᠠᠯᠠᠭᠤᠨ ᠳᠤᠯᠠᠭᠠᠨ ᠠᠭᠤᠷ ᠠᠮᠢᠰᠬᠤᠯ ᠢ ᠪᠦᠷᠢᠳᠦᠭᠦᠯᠵᠦ ᠡᠪᠲᠡᠢ ᠨᠠᠶᠢᠷᠲᠠᠢ ᠪᠠᠶᠢᠯᠭᠠᠬᠤ ᠳᠤ ᠠᠶᠢᠯ ᠤᠨ ᠵᠢᠷᠤᠮᠲᠤ ᠡᠵᠡᠭᠲᠡᠢ᠂ ᠡᠬᠡ ᠬᠦᠮᠦᠨ ᠦ ᠨᠠᠨᠳᠢᠨ ᠮᠡᠳᠡᠷᠡᠮᠡᠲᠡᠭᠡᠢ᠂ ᠤᠶᠠᠨ ᠵᠥᠭᠡᠯᠡᠨ ᠬᠠᠷᠢᠴᠠᠭ᠎ᠠ ᠴᠢᠬᠤᠯᠠ ᠪᠠᠶᠢᠳᠠᠭ ᠢ ᠬᠦᠨᠳᠦᠲᠦ ᠪᠡᠷᠢ ᠳᠦ ᠪᠡᠨ ᠬᠠᠨᠳᠤᠵᠤ ᠠᠪᠤ ᠡᠵᠢ 2 ᠨᠢ ᠵᠥᠪᠯᠡᠨ ᠰᠠᠨᠠᠭᠤᠯᠣᠶ᠎ᠠ᠃ ᠬᠡᠦᠬᠡᠳ ᠦᠳ ᠦᠨ ᠮᠠᠨᠢ ᠢᠷᠡᠭᠡᠳᠦᠢ ᠶᠢᠨ ᠠᠮᠢᠳᠤᠷᠠᠯ ᠭᠡᠷᠡᠯ ᠭᠡᠭᠡ ᠲᠡᠢ᠂ ᠦᠶ᠎ᠡ ᠶᠢᠨ ᠦᠶ᠎ᠡ ᠳᠦ ᠪᠠᠲᠤ ᠪᠡᠬᠢ ᠨᠢᠭᠡᠳᠦᠯᠲᠡᠢ ᠪᠠᠶᠢᠵᠤ ᠦᠷ᠎ᠡ ᠪᠡᠷ ᠥᠨᠢᠷ᠂ ᠦᠨᠳᠦᠰᠦ ᠪᠡᠷ ᠠᠷᠪᠢᠨ᠂ ᠦᠢᠯᠡᠰ ᠪᠦᠲᠦᠭᠡᠯ ᠢᠶᠡᠷ ᠪᠠᠶᠠᠨ᠂ ᠳᠦᠭᠦᠷᠡᠩ ᠪᠠᠶᠠᠷ᠂ ᠲᠦᠪᠰᠢᠨ ᠵᠢᠷᠭᠠᠯ ᠲᠠᠢ ᠪᠠᠶᠢᠬᠤ ᠶᠢᠨ ᠥᠯᠵᠡᠢ ᠲᠡᠢ ᠢᠷᠦᠭᠡᠯ ᠢ ᠡᠷᠭᠦᠨ ᠳᠡᠪᠰᠢᠭᠦᠯᠵᠦ ᠠᠪᠤ ᠡᠵᠢ 2 ᠨᠢ ᠠᠯᠳᠠ ᠴᠡᠩᠬᠡᠷ ᠬᠠᠳᠠᠭ᠂ ᠠᠮᠠᠰᠠᠷ ᠳᠦᠭᠦᠷᠡᠩ ᠮᠡᠯᠲᠡᠯᠵᠡᠬᠦ ᠠᠷᠢᠭᠤᠨ ᠴᠠᠭᠠᠨ ᠰᠥ᠋ ᠪᠡᠷ ᠢᠶᠡᠨ 2 ᠬᠡᠦᠬᠡᠳ ᠤᠨ ᠬᠢ ᠪᠠᠨ ᠠᠵᠠ ᠬᠡᠶᠢᠮᠣᠷᠢ ᠶᠢ ᠮᠢᠯᠢᠶᠠᠶ᠎ᠠ᠃
- ᠬᠤᠷᠢᠮ ᠨᠠᠶᠢᠷ ᠢᠶᠠᠨ ᠬᠢᠵᠦ ᠪᠠᠶᠢᠭ᠎ᠠ 2 ᠬᠡᠦᠬᠡᠳ ᠦᠨ ᠮᠢᠨᠢ ᠬᠣᠶᠢᠰᠢᠳᠠ ᠶᠢᠨ ᠠᠮᠢᠳᠤᠷᠠᠯ ᠪᠠᠶᠠᠷ ᠴᠡᠩᠭᠡᠯ᠂ ᠠᠵᠠ ᠵᠢᠷᠭᠠᠯ ᠢᠶᠠᠷ ᠢᠮᠠᠭᠲᠠ ᠪᠢᠯᠬᠠᠵᠤ ᠪᠠᠶᠢᠬᠤ ᠪᠣᠯᠲᠤᠭᠠᠢ᠃
- ᠬᠤᠷᠠᠨ ᠴᠤᠭᠯᠠᠭᠰᠠᠨ ᠬᠣᠶᠠᠷ ᠲᠠᠯ᠎ᠠ ᠶᠢᠨ ᠠᠬ᠎ᠠ ᠳᠡᠭᠦᠰ ᠲᠠ ᠪᠢᠳᠡᠨ ᠦ ᠤᠷᠤᠭ ᠲᠥᠷᠦᠯ ᠦᠨ ᠠᠷᠢᠭᠤᠨ ᠬᠣᠯᠪᠣᠭ᠎ᠠ ᠤᠯᠠᠮ ᠪᠦᠷ ᠪᠠᠲᠤᠵᠢᠨ ᠪᠡᠬᠢᠵᠢᠬᠦ ᠪᠣᠯᠲᠤᠭᠠᠢ᠃
- ᠲᠥᠷᠥᠯ ᠢᠶᠡᠷ ᠢᠶᠡᠨ ᠲᠦᠪᠰᠢᠨ ᠠᠮᠤᠭᠤᠯᠠᠩ᠂ ᠡᠯᠢᠭᠡ ᠪᠡᠷ ᠢᠶᠡᠨ ᠡᠩᠬᠡ ᠠᠮᠤᠭᠤᠯᠠᠩ ᠪᠠᠶᠢᠬᠤ ᠶᠢᠨ ᠢᠷᠦᠭᠡᠯ ᠢ ᠲᠠ ᠪᠦᠬᠦᠨ ᠳᠦ ᠪᠡᠨ ᠡᠷᠭᠦᠨ ᠳᠡᠪᠰᠢᠭᠦᠯᠵᠦ ᠪᠠᠶᠠᠷ ᠨᠠᠶᠢᠷ ᠤᠨ ᠡᠨᠡᠬᠦ ᠬᠤᠨᠳᠠᠭ᠎ᠠ ᠶᠢ ᠪᠥᠭᠥᠳᠡᠭᠡᠷ ᠢᠶᠡᠨ ᠲᠣᠭᠲᠠᠭᠠᠨ ᠪᠣᠯᠭᠣᠭᠠᠬᠤ ᠶᠢ ᠬᠦᠰᠡᠶ᠎ᠡ᠃
7
0