ᠴᠠᠭᠠᠨ ᠰᠠᠷ᠎ᠠ ᠶᠢᠨ ᠨᠠᠶᠢᠷ ᠳᠡᠭᠡᠷ᠎ᠡ ᠡᠷᠬᠢᠯᠡᠭ᠍ᠴᠢ ᠶᠢᠨ ᠬᠡᠯᠡᠭᠰᠡᠨ ᠦᠭᠡ
ᠴᠠᠭᠠᠨ ᠰᠠᠷ᠎ᠠ ᠶᠢᠨ ᠨᠠᠶᠢᠷ ᠳᠡᠭᠡᠷ᠎ᠡ ᠡᠷᠬᠢᠯᠡᠭ᠍ᠴᠢ ᠶᠢᠨ ᠬᠡᠯᠡᠭᠰᠡᠨ ᠦᠭᠡ
9644
2018-11-04 10:59
发表于:内蒙古
ᠴᠠᠭᠠᠨ ᠰᠠᠷ᠎ᠠ ᠶᠢᠨ ᠨᠠᠶᠢᠷ ᠳᠡᠭᠡᠷ᠎ᠡ ᠡᠷᠬᠢᠯᠡᠭ᠍ᠴᠢ ᠶᠢᠨ ᠬᠡᠯᠡᠭᠰᠡᠨ ᠦᠭᠡ
ᠡᠷᠬᠢᠮ ᠬᠦᠨᠳᠦᠳᠥ ᠠᠬ᠎ᠠ ᠳᠡᠭᠦᠦ ᠲᠥᠷᠦᠯ ᠲᠥᠷᠦᠭᠰᠡᠳ:
ᠲᠠ ᠪᠦᠬᠦᠨ ᠦ ᠬᠢ ᠪᠡᠨ ᠡᠨᠡ ᠡᠳᠦᠷ ᠦᠨ ᠲᠦᠮᠡᠨ ᠠᠮᠤᠭᠤᠯᠠᠩ ᠢ ᠠᠶᠢᠯᠠᠳᠬᠠᠵᠤ ᠴᠠᠭᠠᠨ ᠰᠠᠷ᠎ᠠ ᠶᠢᠨ ᠨᠠᠶᠢᠷ ᠤᠨ ᠪᠠᠶᠠᠷ ᠤᠨ ᠮᠡᠨᠳᠦᠴᠢᠯᠡᠭᠡ ᠶᠢ ᠡᠷᠭᠦᠨ ᠳᠡᠪᠰᠢᠭᠦᠯᠦᠶ᠎ᠡ᠃
ᠥᠯᠵᠡᠢ ᠳᠡᠮᠪᠡᠷᠢᠯ ᠪᠦᠷᠢᠳᠦᠭᠰᠡᠨ ᠴᠠᠭᠠᠨ ᠰᠠᠷ᠎ᠠ ᠶᠢᠨ ᠡᠨᠡ ᠢᠷᠦᠭᠡᠯᠲᠦ ᠰᠠᠶᠢᠬᠠᠨ ᠡᠳᠦᠷ ᠬᠥᠮᠥᠨ ᠦ ᠠᠮᠢᠳᠤᠷᠠᠯ ᠤᠨ ᠲᠡᠮᠳᠡᠭᠯᠡᠯᠲᠦ ᠨᠢᠭᠡ ᠡᠳᠦᠷ ᠪᠢᠳᠡ ᠬᠤᠷᠠᠨ ᠴᠤᠭᠯᠠᠯᠠ᠃ ᠡᠨᠡᠬᠦ ᠪᠠᠶᠠᠷᠲᠤ ᠦᠢᠯᠡ ᠶᠠᠪᠤᠳᠠᠯ ᠢ ᠪᠢᠳᠡᠨ ᠦ ᠬᠠᠮᠤᠭ ᠤᠨ ᠬᠦᠨᠳᠦᠲᠡᠢ ᠣᠶᠢᠷ᠎ᠠ ᠳᠣᠲᠣᠨᠤ ᠶᠢᠨ ᠬᠦᠮᠦᠰ ᠪᠣᠯᠬᠤ ᠲᠠ ᠪᠦᠬᠦᠨ ᠲᠡᠢ ᠪᠡᠨ ᠬᠠᠮᠲᠤᠷᠠᠨ ᠲᠡᠮᠳᠡᠭᠯᠡᠬᠦ ᠪᠡᠷ ᠰᠠᠷᠠᠭᠤᠯ ᠰᠠᠶᠢᠬᠠᠨ ᠡᠨᠡ ᠲᠠᠩᠬᠢᠮ ᠳᠤ ᠲᠠ ᠪᠦᠭᠦᠳᠡ ᠶᠢ ᠪᠡᠨ ᠤᠷᠢᠨ ᠵᠠᠯᠠᠭᠰᠠᠨ ᠶᠤᠮ᠃
ᠰᠢᠨ᠎ᠡ ᠨᠢᠭᠡ ᠵᠢᠯ ᠤᠨ ᠠᠮᠢᠳᠤᠷᠠᠯ ᠢᠶᠠᠨ ᠲᠥᠪᠬᠢᠨᠡᠭᠦᠯᠵᠦ᠂ ᠭᠠᠯ ᠭᠣᠯᠣᠮᠲᠠ ᠪᠠᠨ ᠰᠢᠨᠡᠳᠬᠡᠨ ᠪᠠᠳᠠᠷᠠᠭᠠᠵᠤ ᠪᠠᠶᠢ᠍ᠭᠠ ᠡᠨᠡᠬᠦ ᠮᠥᠴᠡ ᠳ᠋ᠤ ᠲᠠ ᠣᠯᠠᠨ ᠪᠣᠯᠵᠣᠭᠰᠠᠨ ᠶᠤᠰᠤ ᠪᠡᠷ ᠬᠤᠷᠠᠨ ᠴᠤᠭᠯᠠᠬᠰᠠᠨ ᠳ᠋ᠤ ᠪᠢᠳᠡ ᠴᠢᠩ ᠰᠡᠳᠬᠢᠯ ᠡᠴᠡ ᠪᠡᠨ ᠪᠠᠶᠠᠷᠯᠠᠵᠤ ᠪᠠᠶᠢᠨ᠎ᠠ᠃ ᠶᠠᠭᠤᠮ᠎ᠠ ᠭᠡᠳᠡᠭ ᠳᠠᠩᠳᠠ ᠰᠠᠨᠠᠭᠰᠠᠨ ᠬᠦᠰᠡᠭᠰᠡᠨ ᠮᠥᠷᠦᠭᠡᠳᠦᠭᠰᠡᠨ ᠢᠶᠡᠷ ᠪᠣᠯᠬᠤ ᠦᠭᠡᠢ ᠡ᠂ ᠠᠮᠢᠳᠤᠷᠠᠯ ᠪᠠᠶᠠᠨ᠂ ᠪᠠᠶᠢᠩᠭᠤ ᠰᠢᠯᠤᠭᠤᠨ ᠳᠠᠷᠳᠠᠩ ᠵᠠᠮ ᠴᠤ ᠲᠠᠭᠠᠷᠠᠯᠳᠤᠭᠠᠳ ᠪᠠᠶᠢᠳᠠᠭ ᠦᠭᠡᠢ ᠶᠢ ᠪᠣᠳᠣᠵᠤ ᠠᠯᠢᠪᠠ ᠳᠤ ᠤᠬᠠᠭᠠᠯᠢᠭ᠂ ᠬᠦᠯᠢᠶᠡᠴᠡ ᠲᠡᠪᠴᠢᠶᠡᠷᠢ ᠲᠡᠢ ᠬᠠᠨᠳᠤᠵᠤ᠂ ᠭᠣᠣᠯᠴᠢ ᠰᠢᠳᠤᠷᠭᠤ ᠴᠢᠭ ᠱᠤᠭᠤᠮ ᠢ ᠠᠮᠢᠳᠤᠷᠠᠯ ᠤᠨ ᠢᠶᠠᠨ ᠵᠠᠷᠴᠢᠮ᠂ ᠬᠡᠮ ᠬᠡᠮᠵᠢᠶ᠎ᠡ ᠪᠣᠯᠭᠠᠵᠤ ᠪᠠᠶᠢᠬᠤ ᠨᠢ ᠴᠢᠬᠤᠯᠠ᠃
ᠰᠤᠷᠴᠤ ᠮᠡᠳᠡᠬᠦ ᠶᠢ ᠡᠷᠬᠢᠮ ᠵᠣᠷᠢᠯᠭ᠎ᠠ ᠪᠠᠨ᠂ ᠬᠢᠵᠦ ᠪᠦᠲᠦᠭᠡᠬᠦ ᠶᠢ ᠠᠷᠢᠭᠤᠨ ᠦᠢᠯᠡᠰ ᠢᠶᠡᠨ ᠪᠣᠯᠭᠠᠵᠤ ᠨᠡᠶᠢᠭᠡᠮ ᠳᠦ ᠡᠵᠡᠯᠡᠬᠦ ᠥᠪᠡᠷᠰᠡᠳ ᠦᠨ ᠪᠠᠶᠢᠷᠢ ᠰᠠᠭᠤᠷᠢ ᠪᠠᠨ ᠵᠥᠪ ᠣᠯᠵᠤ ᠨᠡᠷ᠎ᠡ ᠲᠡᠢ ᠬᠦᠨᠳᠦᠲᠡᠢ ᠶᠠᠪᠤᠬᠤ ᠰᠢᠭ ᠪᠠᠬᠠᠷᠬᠠᠯ ᠲᠠᠢ ᠵᠦᠢᠯ ᠢᠷᠭᠡᠨ ᠬᠥᠮᠦᠨ ᠳ᠋ᠤ ᠪᠠᠶᠢᠳᠠᠭ ᠦᠭᠡᠢ ᠶᠤᠮ ᠰᠢᠦ᠃
ᠠᠶᠢᠯ ᠭᠡᠷ ᠦᠨ ᠠᠮᠢᠳᠤᠷᠠᠯ ᠥᠭᠡᠳᠡᠷᠡᠭ ᠪᠠᠶᠢᠬᠤ ᠨᠢ ᠭᠡᠷ ᠪᠦᠯᠢ ᠶᠢᠨ ᠭᠡᠰᠢᠭᠦᠳ ᠤᠨ ᠥᠪᠡᠷᠰᠡᠳ ᠦᠨ ᠬᠢ ᠨᠢ ᠬᠢᠴᠢᠶᠡᠯ ᠵᠢᠳᠬᠦᠯ ᠡᠴᠡ ᠶᠡᠬᠡᠩᠬᠢ ᠳᠦ ᠪᠡᠨ ᠰᠢᠯᠲᠠᠭᠠᠯᠠᠳᠠᠭ ᠴᠤ ᠰᠠᠳᠤᠨ ᠲᠥᠷᠦᠯ ᠤᠨ ᠬᠠᠯᠠᠮᠵᠢ ᠳᠡᠮᠵᠢᠯᠭᠡ ᠨᠡᠩ ᠢᠯᠡᠭᠦᠦ ᠦᠭᠡᠶᠢ᠍ᠯᠡᠭ᠍ᠳᠡᠳᠡᠭ᠌ ᠶᠤᠮ᠃
ᠪᠡᠶ᠎ᠡ ᠪᠡᠶ᠎ᠡ ᠪᠠᠨ ᠬᠠᠶᠢᠷᠠᠯᠠᠨ ᠬᠦᠨᠳᠦᠳᠭᠡᠵᠦ᠂ ᠨᠢᠭᠡᠳᠦᠮᠡᠯ ᠰᠠᠨᠠᠭ᠎ᠠ ᠨᠢᠭᠡ ᠵᠣᠷᠢᠯᠭ᠎ᠠ ᠲᠠᠢ ᠠᠮᠢᠳᠤᠷᠠᠵᠤ᠂ ᠥᠪᠯᠡᠭᠦᠯᠦᠭᠰᠡᠨ ᠪᠠᠭᠠᠬᠠᠨ ᠥᠪ᠂ ᠥᠪᠡᠷᠰᠡᠳ ᠦᠨ ᠪᠦᠲᠦᠭᠡᠬᠦ ᠴᠢᠳᠠᠪᠤᠷᠢ ᠳ᠋ᠤ ᠪᠠᠨ ᠲᠦᠰᠢᠭᠯᠡᠨ ᠠᠶᠢᠯ ᠭᠡᠷ ᠢ ᠠᠪᠴᠤ ᠶᠠᠪᠤᠬᠤ ᠳᠤ ᠭᠡᠷ ᠦᠨ ᠡᠵᠡᠨ ᠦ ᠡᠭᠦᠷᠭᠡ ᠢᠯᠡᠭᠦᠦ ᠶᠡᠬᠡ ᠭᠡᠳᠡᠭ ᠢ ᠰᠠᠨᠠᠵᠤ ᠶᠠᠪᠤᠬᠤ᠂ ᠭᠡᠷ ᠪᠦᠯᠢ ᠶᠢᠨ ᠳᠣᠲᠣᠷ᠎ᠠ ᠬᠠᠯᠠᠭᠤᠨ ᠳᠤᠯᠠᠭᠠᠨ ᠠᠭᠤᠷ ᠠᠮᠢᠰᠬᠤᠯ ᠢ ᠪᠦᠷᠢᠳᠦᠭᠦᠯᠵᠦ ᠡᠪᠲᠡᠢ ᠨᠠᠶᠢᠷᠲᠠᠢ ᠪᠠᠶᠢᠯᠭᠠᠬᠤ ᠳᠤ ᠠᠶᠢᠯ ᠤᠨ ᠵᠢᠷᠤᠮᠲᠤ ᠡᠵᠡᠭᠲᠡᠢ᠂ ᠡᠬᠡ ᠬᠦᠮᠦᠨ ᠦ ᠨᠠᠨᠳᠢᠨ ᠮᠡᠳᠡᠷᠡᠮᠡᠲᠡᠭᠡᠢ᠂ ᠤᠶᠠᠨ ᠵᠥᠭᠡᠯᠡᠨ ᠬᠠᠷᠢᠴᠠᠭ᠎ᠠ ᠴᠢᠬᠤᠯᠠ ᠪᠠᠶᠢᠳᠠᠭ᠃ ᠬᠡᠦᠬᠡᠳ ᠵᠠᠯᠠᠭᠤᠴᠤᠳ ᠦᠳ ᠦᠨ ᠮᠠᠨᠢ ᠢᠷᠡᠭᠡᠳᠦᠢ ᠶᠢᠨ ᠠᠮᠢᠳᠤᠷᠠᠯ ᠭᠡᠷᠡᠯ ᠭᠡᠭᠡ ᠲᠡᠢ᠂ ᠦᠶ᠎ᠡ ᠶᠢᠨ ᠦᠶ᠎ᠡ ᠳᠦ ᠪᠠᠲᠤ ᠪᠡᠬᠢ ᠨᠢᠭᠡᠳᠦᠯᠲᠡᠢ ᠪᠠᠶᠢᠵᠤ ᠦᠷ᠎ᠡ ᠪᠡᠷ ᠥᠨᠢᠷ᠂ ᠦᠨᠳᠦᠰᠦ ᠪᠡᠷ ᠠᠷᠪᠢᠨ᠂ ᠦᠢᠯᠡᠰ ᠪᠦᠲᠦᠭᠡᠯ ᠢᠶᠡᠷ ᠪᠠᠶᠠᠨ᠂ ᠳᠦᠭᠦᠷᠡᠩ ᠪᠠᠶᠠᠷ᠂ ᠲᠦᠪᠰᠢᠨ ᠵᠢᠷᠭᠠᠯ ᠲᠠᠢ ᠪᠠᠶᠢᠬᠤ ᠶᠢᠨ ᠥᠯᠵᠡᠢ ᠲᠡᠢ ᠢᠷᠦᠭᠡᠯ ᠢ ᠡᠷᠭᠦᠨ ᠳᠡᠪᠰᠢᠭᠦᠯᠵᠦ ᠠᠯᠳᠠ ᠴᠡᠩᠬᠡᠷ ᠬᠠᠳᠠᠭ᠂ ᠠᠮᠠᠰᠠᠷ ᠳᠦᠭᠦᠷᠡᠩ ᠮᠡᠯᠲᠡᠯᠵᠡᠬᠦ ᠠᠷᠢᠭᠤᠨ ᠴᠠᠭᠠᠨ ᠰᠥ᠋ ᠪᠡᠷ ᠢᠶᠡᠨ ᠠᠵᠠ ᠬᠡᠶᠢᠮᠣᠷᠢ ᠶᠢ ᠮᠢᠯᠢᠶᠠᠶ᠎ᠠ᠃
- ᠲᠠ ᠪᠦᠬᠦᠨ ᠤ ᠬᠢ ᠪᠠᠨ ᠬᠣᠶᠢᠰᠢᠳᠠ ᠶᠢᠨ ᠠᠮᠢᠳᠤᠷᠠᠯ ᠪᠠᠶᠠᠷ ᠴᠡᠩᠭᠡᠯ᠂ ᠠᠵᠠ ᠵᠢᠷᠭᠠᠯ ᠢᠶᠠᠷ ᠢᠮᠠᠭᠲᠠ ᠪᠢᠯᠬᠠᠵᠤ ᠪᠠᠶᠢᠬᠤ ᠪᠣᠯᠲᠤᠭᠠᠢ᠃
- ᠬᠤᠷᠠᠨ ᠴᠤᠭᠯᠠᠭᠰᠠᠨ ᠠᠬ᠎ᠠ ᠳᠡᠭᠦᠰ ᠲᠠ ᠪᠢᠳᠡᠨ ᠦ ᠤᠷᠤᠭ ᠲᠥᠷᠦᠯ ᠦᠨ ᠠᠷᠢᠭᠤᠨ ᠬᠣᠯᠪᠣᠭ᠎ᠠ ᠤᠯᠠᠮ ᠪᠦᠷ ᠪᠠᠲᠤᠵᠢᠨ ᠪᠡᠬᠢᠵᠢᠬᠦ ᠪᠣᠯᠲᠤᠭᠠᠢ᠃
- ᠲᠥᠷᠥᠯ ᠢᠶᠡᠷ ᠢᠶᠡᠨ ᠲᠦᠪᠰᠢᠨ ᠠᠮᠤᠭᠤᠯᠠᠩ᠂ ᠡᠯᠢᠭᠡ ᠪᠡᠷ ᠢᠶᠡᠨ ᠡᠩᠬᠡ ᠠᠮᠤᠭᠤᠯᠠᠩ ᠪᠠᠶᠢᠬᠤ ᠶᠢᠨ ᠢᠷᠦᠭᠡᠯ ᠢ ᠲᠠ ᠪᠦᠬᠦᠨ ᠳᠦ ᠪᠡᠨ ᠡᠷᠭᠦᠨ ᠳᠡᠪᠰᠢᠭᠦᠯᠵᠦ ᠪᠠᠶᠠᠷ ᠨᠠᠶᠢᠷ ᠤᠨ ᠡᠨᠡᠬᠦ ᠬᠤᠨᠳᠠᠭ᠎ᠠ ᠶᠢ ᠪᠥᠭᠥᠳᠡᠭᠡᠷ ᠢᠶᠡᠨ ᠲᠣᠭᠲᠠᠭᠠᠨ ᠪᠣᠯᠭᠣᠭᠠᠬᠤ ᠶᠢ ᠬᠦᠰᠡᠶ᠎ᠡ᠃
6 2