ᠠᠷᠯᠠᠨ ᠤ ᠡᠷᠳᠡᠨᠢᠸᠴᠢᠷ : ᠠᠶᠠᠯᠢᠭᠬᠠ ᠵᠠᠯᠠᠭᠤ ᠨᠠᠰᠤ ᠮᠢᠨᠢ
ᠠᠷᠯᠠᠨ ᠤ ᠡᠷᠳᠡᠨᠢᠸᠴᠢᠷ : ᠠᠶᠠᠯᠢᠭᠬᠠ ᠵᠠᠯᠠᠭᠤ ᠨᠠᠰᠤ ᠮᠢᠨᠢ
ᠬᠠᠨᠢᠯᠠᠭᠰᠠᠨ ᠨᠥᠬᠥᠷ ᠢᠶᠡᠨ ᠪᠢ
ᠬᠠᠯᠲᠤᠷᠢᠬᠤ ᠳᠤ ᠨᠢ ᠲᠦᠯᠬᠢᠵᠦ ᠶᠠᠪᠤᠭᠰᠠᠨ ᠦᠭᠡᠢ
ᠠᠮᠢᠲᠠᠨ ᠤ ᠤᠷᠳᠤᠭᠤᠷ ᠣᠷᠣᠵᠤ
ᠠᠯᠳᠠᠷ ᠤᠨ ᠬᠠᠭᠠᠯᠭ᠎ᠠ ᠪᠠᠷ ᠴᠢᠬᠢᠯᠳᠦᠵᠦ ᠪᠠᠶᠢᠭᠰᠠᠨ ᠦᠭᠡᠢ
ᠠᠶ᠎ᠠ᠂ ᠮᠢᠨᠦ ᠠᠶᠠᠯᠢᠭᠬᠠᠨ ᠵᠠᠯᠠᠭᠤ ᠨᠠᠰᠤ ᠮᠢᠨᠢ
3757
2018-09-09 08:28
发表于:内蒙古
ᠠᠷᠯᠠᠨ ᠤ ᠡᠷᠳᠡᠨᠢᠸᠴᠢᠷ : ᠠᠶᠠᠯᠢᠭᠬᠠ ᠵᠠᠯᠠᠭᠤ ᠨᠠᠰᠤ ᠮᠢᠨᠢ
ᠬᠠᠨᠢᠯᠠᠭᠰᠠᠨ ᠨᠥᠬᠥᠷ ᠢᠶᠡᠨ ᠪᠢ
ᠬᠠᠯᠲᠤᠷᠢᠬᠤ ᠳᠤ ᠨᠢ ᠲᠦᠯᠬᠢᠵᠦ ᠶᠠᠪᠤᠭᠰᠠᠨ ᠦᠭᠡᠢ
ᠠᠮᠢᠲᠠᠨ ᠤ ᠤᠷᠳᠤᠭᠤᠷ ᠣᠷᠣᠵᠤ
ᠠᠯᠳᠠᠷ ᠤᠨ ᠬᠠᠭᠠᠯᠭ᠎ᠠ ᠪᠠᠷ ᠴᠢᠬᠢᠯᠳᠦᠵᠦ ᠪᠠᠶᠢᠭᠰᠠᠨ ᠦᠭᠡᠢ
ᠠᠶ᠎ᠠ᠂ ᠮᠢᠨᠦ ᠠᠶᠠᠯᠢᠭᠬᠠᠨ ᠵᠠᠯᠠᠭᠤ ᠨᠠᠰᠤ ᠮᠢᠨᠢ
ᠵᠢᠷᠭᠠᠬᠤ ᠴᠠᠭ ᠲᠤ ᠪᠠᠨ ᠨᠠᠷᠭᠢᠵᠤ᠂ ᠵᠣᠪᠠᠬᠤ ᠴᠠᠭ ᠲᠤ ᠪᠠᠨ ᠭᠤᠨᠢᠵᠤ ᠶᠠᠪᠤᠨ᠎ᠠ
ᠵᠢᠮᠠᠳᠤ ᠬᠣᠷᠸ᠎ᠠ ᠠᠴᠠ ᠬᠠᠷᠢᠨ ᠨᠢᠭᠤᠭᠳᠠᠬᠤ ᠭᠠᠵᠠᠷ ᠡᠷᠢᠵᠦ ᠪᠠᠶᠢᠭᠰᠠᠨ ᠦᠭᠡᠢ
ᠵᠢᠪᠠᠷ ᠰᠠᠯᠬᠢᠨ ᠠᠴᠠ ᠪᠤᠰᠤᠳ ᠢ ᠨᠥᠮᠥᠷᠢᠯᠡᠬᠦ ᠰᠡᠳᠬᠢᠯ ᠲᠡᠢ ᠶᠠᠪᠤᠵᠤ
ᠵᠢᠭᠠᠬᠠᠨ ᠴᠢᠮ᠎ᠠ ᠪᠠᠨ ᠤᠬᠢᠯᠠᠬᠤ ᠳᠤ ᠨᠢᠯᠪᠤᠰᠤ ᠶᠢ ᠴᠢᠨᠢ ᠠᠷᠴᠢᠵᠤ ᠪᠠᠶᠢᠭᠰᠠᠨ ᠠᠴᠠ᠂ ᠠᠮᠲᠠᠯᠠᠵᠤ ᠶᠠᠪᠤᠭᠰᠠᠨ ᠦᠭᠡᠢ
ᠳᠠᠷᠠᠰᠤᠨ ᠤ ᠬᠠᠲᠠᠭᠤ ᠳᠤ ᠬᠠᠯᠠᠮᠴᠠᠵᠤ᠂ ᠬᠡᠦᠬᠡᠨ ᠦ ᠰᠠᠶᠢᠬᠠᠨ ᠳᠤ ᠳᠤᠷᠠᠯᠠᠵᠤ ᠪᠠᠶᠢᠭᠰᠠᠨ ᠠᠴᠠ
ᠳᠠᠶᠢᠰᠤᠨ ᠨᠥᠬᠥᠷ ᠢᠶᠡᠨ ᠢᠯᠭᠠᠬᠤ ᠭᠡᠵᠦ ᠰᠡᠳᠬᠢᠯ ᠢᠶᠡᠨ ᠡᠪᠳᠡᠵᠦ ᠶᠠᠪᠤᠭᠰᠠᠨ ᠦᠭᠡᠢ
ᠳᠠᠪᠠᠭᠠᠨ ᠤ ᠥᠨᠳᠥᠷ ᠢ ᠮᠠᠷᠲᠠᠵᠤ᠂ ᠬᠦᠯᠦᠭ ᠮᠣᠷᠢ ᠪᠠᠨ ᠭᠤᠶᠠᠳᠠᠵᠤ
ᠳᠠᠭᠠᠭᠠᠮᠠᠢ ᠠᠯᠤᠰ ᠤᠨ ᠵᠠᠮ ᠳᠤ ᠪᠠᠨ ᠪᠤᠰᠤᠳ ᠤᠨ ᠤᠨᠤᠭᠠᠨ ᠳᠤ ᠳᠠᠶᠢᠭᠳᠠᠭᠰᠠᠨ ᠦᠭᠡᠢ
ᠠᠷ ᠰᠠᠭᠠᠷᠬᠠᠨ ᠵᠣᠪᠠᠯᠠᠩ ᠵᠢᠷᠦᠬᠡ ᠲᠠᠷᠢᠬᠢ ᠶᠢ ᠢᠳᠡᠵᠦ
ᠠᠯᠳᠠᠷ ᠬᠦᠨᠳᠦ ᠶᠢᠨ ᠵᠣᠯᠢᠶᠠᠨ ᠳᠤ ᠪᠤᠰᠤᠳ ᠤᠨ ᠦᠬᠦᠬᠦ ᠶᠢ ᠦᠵᠡᠵᠦ
ᠠᠮᠢᠲᠠᠨ ᠤ ᠦᠷ᠎ᠡ ᠶᠢ ᠥᠷᠥᠪᠳᠥᠵᠦ ᠥᠷᠥ ᠴᠡᠭᠡᠵᠢ ᠪᠡᠨ ᠪᠠᠷᠠᠭᠰᠠᠭᠠᠷ
ᠠᠮᠢᠳᠤ ᠶᠠᠪᠤᠬᠤ ᠳᠤ ᠰᠢᠨᠠᠯᠤᠯ ᠰᠢᠭ ᠬᠦᠨᠳᠦ ᠠᠴᠢᠶ᠎ᠠ ᠦᠵᠡᠭᠰᠡᠨ ᠦᠭᠡᠢ ᠡ᠃
1999.11.16
Түмт Шинэ хөрвүүлэв
1
0