ᠪᠥᠭᠡᠷᠡᠩᠬᠡᠢ ᠴᠠᠭᠠᠨ ᠨᠣᠭᠤᠭᠠᠨ ᠤ ᠠᠴᠢ ᠲᠤᠰᠠ
ᠪᠥᠭᠡᠷᠡᠩᠬᠡᠢ ᠴᠠᠭᠠᠨ ᠨᠣᠭᠤᠭᠠᠨ ᠤ ᠠᠴᠢ ᠲᠤᠰᠠ
ᠴᠠᠭᠠᠨ ᠨᠣᠭᠤᠭᠠᠨ ᠤ ᠣᠯᠠᠨ ᠲᠥᠷᠥᠯ ᠵᠦᠢᠯ ᠪᠠᠶᠢᠳᠠᠭ ᠪᠠ ᠮᠠᠨ ᠤ ᠬᠢᠨ ᠪᠥᠭᠡᠷᠡᠩᠬᠡᠢ ᠴᠠᠭᠠᠨ ᠨᠣᠭᠤᠭ᠎ᠠ ᠶᠢ ᠲᠦᠭᠡᠮᠡᠯ ᠬᠡᠷᠡᠭᠯᠡᠳᠡᠭ᠃ ᠪᠥᠭᠡᠷᠡᠩᠬᠡᠢ ᠴᠠᠭᠠᠨ ᠨᠣᠭᠤᠭ᠎ᠠ ᠨᠢ ᠡᠰᠯᠢᠭ᠂ ᠺᠠᠯᠼᠢ᠂ ᠹᠣᠰᠹᠣᠷ᠂ ᠺᠠᠯᠢ᠂ ᠨᠠᠲᠷᠢ᠂ ᠲᠡᠮᠦᠷ᠂ ᠰᠧᠯᠧᠨ᠂ ᠵᠡᠰ᠂ ᠴᠠᠶᠢᠷ ᠵᠡᠷᠭᠡ ᠡᠷᠦᠳᠡᠰᠦ ᠪᠣᠳᠠᠰ᠂ ᠹᠣᠯ ᠤᠨ ᠬᠦᠴᠢᠯ᠂ C᠂ B1᠂ B2᠂ B3᠂ B6᠂ A᠂ E ᠵᠡᠷᠭᠡ ᠠᠮᠢᠨ ᠳᠡᠮ ᠢᠶᠡᠷ ᠪᠠᠶᠠᠯᠢᠭ᠃ ᠪᠥᠭᠡᠷᠡᠩᠬᠡᠢ ᠴᠠᠭᠠᠨ ᠨᠣᠭᠣᠭ᠎ᠠ ᠶᠢ ᠰᠢᠨ᠎ᠡ ᠪᠡᠷ ᠨᠢ ᠡᠰᠡᠪᠡᠯ ᠴᠢᠨᠠᠵᠤ᠂ ᠵᠢᠩᠨᠡᠵᠦ ᠬᠡᠷᠡᠭᠯᠡᠬᠦ ᠡᠴᠡ ᠭᠠᠳᠠᠨ᠎ᠠ ᠲᠥᠷᠥᠯ ᠪᠦᠷᠢ ᠶᠢᠨ ᠵᠠᠭᠤᠰᠢ᠂ ᠱᠥᠯᠥ ᠲᠡᠢ ᠬᠣᠭᠣᠯᠠ᠂ ᠬᠣᠭᠣᠯᠠᠨ ᠤ ᠬᠠᠴᠢᠷ ᠲᠤ ᠬᠡᠷᠡᠭᠯᠡᠨ᠎ᠡ᠃ ᠮᠥᠨ ᠳᠠᠪᠤᠰᠤᠯᠠᠵᠤ᠂ ᠳᠠᠷᠤᠰᠢᠯᠠᠬᠤ᠂ ᠬᠠᠲᠠᠭᠠᠬᠤ ᠵᠡᠷᠭᠡ ᠪᠡᠷ ᠨᠥᠭᠡᠰᠢᠯᠡᠵᠦ ᠬᠠᠳᠠᠭᠠᠯᠠᠬᠤ ᠪᠣᠯᠤᠮᠵᠢ ᠲᠠᠢ᠃
8050
2018-09-07 09:32
发表于:内蒙古

1 ᠳ᠋ᠤ ᠴᠠᠭᠠᠨ ᠨᠣᠭᠤᠭ᠎ᠠ ᠨᠢ ᠢᠰᠯᠡᠭ ᠶᠡᠬᠡ ᠲᠡᠢ ᠤᠴᠢᠷ ᠪᠦᠳᠦᠭᠦᠨ ᠭᠡᠳᠡᠰᠦᠨ ᠦ ᠬᠣᠣᠷᠲᠤ ᠬᠠᠪᠤᠳᠠᠷ ᠢᠶᠠᠷ ᠡᠪᠡᠳᠴᠢᠯᠡᠬᠦ ᠡᠷᠡᠰᠳᠡᠯ ᠢ ᠪᠠᠭᠤᠷᠠᠭᠤᠯᠳᠠᠭ᠃
2 ᠲᠤ ᠬᠣᠣᠷᠲᠤ ᠬᠠᠪᠤᠳᠠᠷ ᠤᠨ ᠡᠰ ᠦᠨ ᠥᠰᠦᠯᠲᠡ ᠶᠢ ᠰᠠᠭᠠᠲᠠᠭᠤᠯᠬᠤ᠂ ᠬᠣᠣᠷ ᠦᠭᠡᠢ ᠬᠠᠪᠤᠳᠠᠷ ᠢ ᠪᠠᠭᠠᠰᠭᠠᠬᠤ ᠦᠢᠯᠡᠴᠢᠯᠡᠯ ᠪᠦᠬᠦᠢ ᠪᠣᠳᠠᠰ ᠢ ᠡᠷᠳᠡᠮᠲᠡᠳ ᠴᠠᠭᠠᠨ ᠨᠤᠭᠤᠭᠠᠨ ᠠᠴᠠ ᠢᠯᠡᠷᠡᠭᠦᠯᠵᠡᠢ᠃
3 ᠳ᠋ᠤ ᠰᠠᠴᠤᠷᠠᠭ ᠲᠤᠶᠠᠭᠠᠨ ᠤ ᠬᠣᠣᠷᠳᠠᠯᠭ᠎ᠠ ᠪᠣᠯᠤᠨ ᠰᠠᠴᠤᠷᠠᠭ ᠡᠮᠴᠢᠯᠡᠭᠡᠨ ᠦ ᠬᠣᠣᠷ ᠢ ᠲᠠᠶᠢᠯᠬᠤ ᠦᠢᠯᠡᠴᠢᠯᠡᠯ ᠲᠡᠢ ᠪᠣᠯᠬᠤ ᠨᠢ ᠲᠣᠭᠲᠠᠭᠠᠭᠳᠠᠵᠠᠢ᠃
4 ᠳ᠋ᠤ ᠧᠦ᠋ᠷᠣᠫᠠ ᠶᠢᠨ ᠤᠯᠠᠮᠵᠢᠯᠠᠯᠲᠤ ᠠᠨᠠᠭᠠᠬᠤ ᠤᠬᠠᠭᠠᠨ ᠳᠤ ᠴᠠᠭᠠᠨ ᠨᠣᠭᠤᠭ᠎ᠠ ᠶᠢ ᠦᠷᠪᠢᠰᠦᠯ ᠨᠠᠮᠳᠠᠭᠠᠬᠤ ᠡᠮᠴᠢᠯᠡᠭᠡᠨ ᠳᠦ ᠥᠷᠭᠡᠨ ᠬᠡᠷᠡᠭᠯᠡᠳᠡᠭ᠃
5 ᠳ᠋ᠤ ᠲᠦᠭᠦᠬᠡᠢ ᠴᠠᠭᠠᠨ ᠨᠣᠭᠤᠭᠠᠨ ᠤ ᠨᠤᠬᠤᠰᠢ ᠶᠢ ᠪᠦᠲᠦᠨ ᠨᠠᠪᠴᠢᠨ ᠳᠤ ᠣᠷᠢᠶᠠᠭᠠᠳ ᠪᠡᠶ᠎ᠡ ᠶᠢᠨ ᠡᠪᠡᠳᠴᠢᠲᠡᠢ ᠬᠡᠰᠡᠭ ᠲᠦ ᠲᠠᠯᠪᠢᠬᠤ ᠳᠤ ᠡᠪᠡᠳᠦᠯᠲᠡ ᠨᠠᠮᠳᠠᠳᠠᠭ᠃
6 ᠳ᠋ᠤ ᠰᠢᠨᠡᠬᠡᠨ ᠴᠠᠭᠠᠨ ᠨᠣᠭᠤᠭᠠᠨ ᠤ ᠰᠢᠭᠦᠰᠦ ᠪᠡᠷ ᠬᠣᠳᠣᠭᠣᠳᠣ᠂ ᠭᠡᠳᠡᠰᠦᠨ ᠦ ᠡᠪᠡᠳᠴᠢᠨ ᠢ ᠪᠣᠭᠣᠨᠢ ᠬᠤᠭᠤᠴᠠᠭᠠᠨ ᠳᠤ ᠡᠮᠴᠢᠯᠡᠳᠡᠭ᠃
7 ᠳ᠋ᠤ ᠴᠠᠭᠠᠨ ᠨᠤᠭᠤᠭ᠎ᠠ ᠶᠢ ᠢᠯᠴᠢᠯᠢᠭ ᠪᠠᠭᠤᠷᠠᠭᠤᠯᠤᠭᠰᠠᠨ ᠬᠣᠭᠣᠯᠠᠨ ᠤ ᠳᠢᠭ ᠪᠠᠷᠢᠮᠲᠠᠯᠠᠬᠤ ᠳ᠋ᠤ ᠥᠷᠭᠡᠨ ᠬᠡᠷᠡᠭᠯᠡᠳᠡᠭ᠃
- ᠳᠠᠷᠬᠠᠯᠠᠭ᠎ᠠ ᠰᠠᠶᠢᠵᠢᠷᠠᠭᠤᠯᠬᠤ
- ᠭᠡᠳᠡᠰᠦᠨ ᠦ ᠭᠦᠷᠪᠡᠯᠵᠡᠬᠦ ᠬᠥᠳᠡᠯᠭᠡᠭᠡᠨ ᠢ ᠰᠠᠶᠢᠵᠢᠷᠠᠭᠤᠯᠬᠤ
- ᠵᠢᠷᠦᠬᠡᠨ ᠦ ᠡᠪᠡᠳᠴᠢᠯᠡᠯ ᠡᠴᠡ ᠰᠡᠷᠭᠡᠶᠢᠯᠡᠬᠦ
- ᠬᠣᠳᠣᠭᠣᠳᠣ ᠭᠡᠳᠡᠰᠦᠨ ᠦ ᠰᠢᠷᠬ᠎ᠠ ᠠᠨᠠᠭᠠᠨ᠎ᠠ
- ᠬᠣᠣᠷᠳᠠᠯᠭ᠎ᠠ ᠲᠠᠶᠢᠯᠤᠨ᠎ᠠ
- ᠬᠣᠣᠷᠲᠤ ᠬᠠᠪᠤᠳᠠᠷ ᠠᠴᠠ ᠰᠡᠷᠭᠡᠶᠢᠯᠡᠨ᠎ᠡ
2
1