ᠰᠢᠭᠦᠮᠵᠢ
ᠰ ∙ ᠡᠷᠳᠡᠨᠢ ᠶᠢᠨ ︽ ᠬᠣᠢᠢᠲᠤ ᠨᠠᠰᠤᠨ ᠳ᠋ᠠᠭᠠᠨ ᠤᠴᠠᠷᠠᠨ᠎ᠠ ︾ ᠷᠣᠮᠠᠨ
ᠬᠡᠯᠮᠡᠭᠳᠡᠭᠦᠯᠦᠯᠲᠡ ᠶᠢᠨ ᠰᠡᠳᠦᠪ ᠢᠶᠡᠷ ᠡᠶᠢᠮᠦ ᠥᠷᠭᠡᠨ ᠳᠡᠯᠭᠡᠷ ᠬᠦᠦᠷᠨᠢᠭᠰᠡᠨ ᠡᠮᠭᠡᠨᠢᠯᠳᠦ ᠵᠣᠬᠢᠶᠠᠯ ᠡᠳᠦᠢ ᠬᠦᠷᠲᠡᠯ᠎ᠡ ᠭᠠᠷᠤᠭ᠎ᠠ ᠦᠭᠡᠢ ᠯᠠ ᠪᠠᠶᠢᠨ᠎ᠠ᠃ ᠨᠣᠭᠣᠭᠠᠨ ᠨᠢᠳᠦᠨ ᠯᠠᠮᠠ ᠬᠡᠮᠡᠬᠦ ᠰᠠᠬᠢᠯ ᠰᠠᠨᠸᠠᠷ ᠢᠶᠠᠨ ᠣᠭᠣᠷᠠᠭᠰᠠᠨ᠂ ᠠᠮᠢ ᠪᠠᠨ ᠬᠢᠴᠢᠶᠡᠭᠰᠡᠨ᠂ ᠱᠠᠯᠢᠭ ᠵᠠᠪᠬᠠᠢ ᠯᠠᠮᠠ ᠶᠢᠨ ᠲᠤᠬᠠᠢ ᠵᠣᠬᠢᠶᠠᠯ ᠳᠤ ᠬᠣᠰᠢᠭᠤᠷᠠᠵᠤ ᠪᠠᠶᠢᠭ᠎ᠠ ᠶᠢ ᠪᠣᠳᠣᠬᠤ ᠳᠤ ᠰᠡᠳᠦᠪ ᠶᠡᠷᠦ ᠡᠴᠡ ᠪᠡᠨ ᠰᠣᠨᠢᠨ ᠪᠢᠰᠢ ᠪᠣᠯᠵᠤ ᠲᠠᠭᠠᠷᠠᠯ᠎ᠠ᠃
5140
2018-09-07 20:54
发表于:内蒙古
ᠳ᠋ ᠊ ᠲᠡᠮᠦᠷᠸᠴᠢᠷ : ᠰ ∙ ᠡᠷᠳᠡᠨᠢ ᠶᠢᠨ ︽ ᠬᠣᠢᠢᠲᠤ ᠨᠠᠰᠤᠨ ᠳ᠋ᠠᠭᠠᠨ ᠤᠴᠠᠷᠠᠨ᠎ᠠ ︾ ᠷᠣᠮᠠᠨ
ᠬᠡᠯᠮᠡᠭᠳᠡᠭᠦᠯᠦᠯᠲᠡ ᠶᠢᠨ ᠰᠡᠳᠦᠪ ᠢᠶᠡᠷ ᠡᠶᠢᠮᠦ ᠥᠷᠭᠡᠨ ᠳᠡᠯᠭᠡᠷ ᠬᠦᠦᠷᠨᠢᠭᠰᠡᠨ ᠡᠮᠭᠡᠨᠢᠯᠳᠦ ᠵᠣᠬᠢᠶᠠᠯ ᠡᠳᠦᠢ ᠬᠦᠷᠲᠡᠯ᠎ᠡ ᠭᠠᠷᠤᠭ᠎ᠠ ᠦᠭᠡᠢ ᠯᠠ ᠪᠠᠶᠢᠨ᠎ᠠ᠃ ᠨᠣᠭᠣᠭᠠᠨ ᠨᠢᠳᠦᠨ ᠯᠠᠮᠠ ᠬᠡᠮᠡᠬᠦ ᠰᠠᠬᠢᠯ ᠰᠠᠨᠸᠠᠷ ᠢᠶᠠᠨ ᠣᠭᠣᠷᠠᠭᠰᠠᠨ᠂ ᠠᠮᠢ ᠪᠠᠨ ᠬᠢᠴᠢᠶᠡᠭᠰᠡᠨ᠂ ᠱᠠᠯᠢᠭ ᠵᠠᠪᠬᠠᠢ ᠯᠠᠮᠠ ᠶᠢᠨ ᠲᠤᠬᠠᠢ ᠵᠣᠬᠢᠶᠠᠯ ᠳᠤ ᠬᠣᠰᠢᠭᠤᠷᠠᠵᠤ ᠪᠠᠶᠢᠭ᠎ᠠ ᠶᠢ ᠪᠣᠳᠣᠬᠤ ᠳᠤ ᠰᠡᠳᠦᠪ ᠶᠡᠷᠦ ᠡᠴᠡ ᠪᠡᠨ ᠰᠣᠨᠢᠨ ᠪᠢᠰᠢ ᠪᠣᠯᠵᠤ ᠲᠠᠭᠠᠷᠠᠯ᠎ᠠ᠃
ᠡᠨᠡ ᠵᠣᠬᠢᠶᠠᠯ ᠤᠨ ᠭᠣᠣᠯ ᠥᠭᠦᠯᠡᠮᠵᠢ ᠪᠣᠯ ᠦᠨᠡᠨ ᠪᠣᠳᠠᠲᠤ ᠲᠡᠦᠬᠡ︕ᠬᠡᠨᠲᠡᠢ ᠶᠢᠨ ᠳᠠᠳᠤᠯ ᠰᠤᠮᠤᠨ ᠳᠤ ᠲᠣᠮᠢᠯᠠᠭᠳᠠᠭᠰᠠᠨ ᠳᠣᠲᠤᠭᠠᠳᠤ ᠶᠠᠮᠤᠨ ᠤ ᠲᠥᠯᠥᠭᠡᠯᠡᠭᠴᠢ ᠰᠤᠮᠤ ᠶᠢᠨ ᠢᠶᠠᠨ ᠬᠣᠷᠰᠢᠶ᠎ᠠ ᠳᠠᠷᠤᠭ᠎ᠠ ᠶᠢᠨ ᠡᠬᠡᠨᠡᠷ ᠲᠦ ᠰᠡᠭᠡᠲᠡᠩ ᠬᠠᠶᠠᠵᠤ ᠰᠠᠨᠠᠭᠠᠷᠬᠠᠳᠠᠭ ᠪᠠᠶᠢᠵᠠᠢ᠃ ᠲᠡᠷᠡ ᠨᠢ ᠬᠠᠯᠠᠭᠤᠨ ᠴᠢᠰᠤ ᠲᠠᠢ ᠪᠤᠷᠢᠶᠠᠳ ᠪᠦᠰᠡᠭᠦᠢ ᠃ ᠮᠡᠳᠡᠭᠡᠵᠢ ᠬᠣᠷᠰᠢᠶ᠎ᠠ ᠳᠠᠷᠤᠭ᠎ᠠ ᠡᠬᠡᠨᠡᠷ ᠢᠶᠡᠨ ᠬᠠᠮᠠᠭᠠᠯᠠᠯ ᠦᠭᠡᠢ ᠶᠠᠭᠠᠬᠢᠬᠤ ᠪᠤᠢ᠃ ᠡᠷ᠎ᠡ ᠤᠯᠤᠰ ᠤᠳ ᠪᠣᠯᠤᠭᠰᠠᠨ ᠬᠣᠶᠢᠨᠠ ᠨᠢᠳᠤᠷᠭ᠎ᠠ ᠵᠥᠷᠢᠭᠦᠯᠦᠭᠰᠡᠨ ᠪᠠᠶᠢᠨ᠎ᠠ᠃ ᠡᠭᠦᠨ ᠳᠦ ᠬᠣᠨᠵᠢᠩᠨᠠᠭᠰᠠᠨ ᠮᠠᠨᠢ ᠳᠣᠲᠤᠭᠠᠳᠤ ᠶᠠᠮᠤᠨ ᠤ ᠲᠥᠯᠥᠭᠡᠯᠡᠭᠴᠢ ᠮᠠᠲᠠᠭᠠᠰᠤ ᠳᠡᠭᠡᠭᠰᠢ ᠨᠢ ᠶᠠᠪᠤᠭᠤᠯᠵᠠᠢ᠃ ᠶᠠᠭ ᠲᠡᠷᠡ ᠦᠶ᠎ᠡ ᠳᠦ ᠪᠠᠷᠭᠤ ᠤᠷᠤᠭᠤ ᠳᠦᠷᠪᠡᠨ ᠭᠠᠷᠤᠭᠰᠠᠨ ᠨᠢᠭᠡ ᠨᠥᠬᠥᠷ ᠨᠤᠲᠤᠭ ᠲᠤ ᠪᠠᠨ ᠰᠡᠮ ᠡᠷᠭᠢᠵᠦ ᠢᠷᠡᠭᠰᠡᠨ ᠲᠣᠬᠢᠶᠠᠯ ᠲᠠᠭᠠᠷᠠᠭᠰᠠᠨ ᠪᠠᠶᠢᠨ᠎ᠠ᠃ ᠰᠠᠶᠢᠬᠠᠨ ᠳᠠᠯᠢᠮ︕ ᠶᠠᠫᠣᠨ ᠤ ᠲᠠᠩᠨᠠᠭᠤᠯ ᠣᠷᠣᠨ ᠨᠤᠲᠤᠭ ᠲᠤ ᠰᠢᠷᠭᠤᠭᠰᠠᠨ ᠲᠡᠳᠦᠢ ᠦᠭᠡᠢ᠂ ᠬᠠᠮᠰᠠᠭᠠᠲᠠᠨ ᠨᠢ ᠬᠣᠷᠰᠢᠶ᠎ᠠ ᠳᠠᠷᠤᠭ᠎ᠠ ᠭᠡᠰᠡᠨ ᠵᠣᠬᠢᠶᠠᠮᠵᠢ ᠪᠣᠳᠣᠵᠤ ᠤᠯᠪᠠ᠃
ᠮᠣᠩᠭᠣᠯ ᠤᠨ ᠨᠡᠶᠢᠭᠡᠮ ᠤᠨ ᠨᠥᠯᠥᠭᠡ ᠪᠦᠬᠦᠢ᠂ ᠠᠮᠢᠨ ᠴᠢᠬᠤᠯᠠ ᠳᠠᠪᠬᠤᠷᠭ᠎ᠠ ᠪᠣᠯᠬᠤ ᠠᠯᠲᠠᠨ ᠤᠷᠤᠭ ᠤᠨ ᠢᠵᠠᠭᠤᠷᠲᠠᠨ ᠨᠤᠭᠤᠳ᠂ ᠯᠠᠮᠠ ᠬᠤᠸᠠᠷᠠᠭ᠂ ᠺᠣᠮᠮᠤᠶᠢᠨᠢᠰᠮ ᠳᠤ ᠦᠯᠦ ᠢᠲᠡᠭᠡᠭᠴᠢᠳ ᠢ ᠤᠰᠠᠳᠬᠠᠬᠤ ᠵᠣᠷᠢᠯᠭ᠎ᠠ ᠲᠠᠢ ᠠᠶᠤᠮᠰᠢᠭᠲᠤ ᠮᠢᠬᠠᠴᠢᠨ ᠰᠲ᠋ᠠᠯᠢᠨ ᠳᠤ ᠰᠢᠯᠲᠠᠭ᠂ ᠳᠠᠯᠢᠮ ᠯᠠ ᠬᠡᠷᠡᠭᠲᠡᠢ ᠪᠠᠶᠢᠵᠠᠢ᠃ ᠶᠠᠭᠤᠨ ᠲᠦᠷᠦᠭᠦᠨ ᠳᠦ ᠤᠯᠠᠭᠠᠨ ᠬᠤᠪᠢᠰᠬᠠᠯ ᠠᠴᠠ ᠤᠷᠪᠠᠨ ᠳᠦᠷᠪᠡᠭᠰᠡᠨ ᠪᠤᠷᠢᠶᠠᠳ ᠨᠠᠷ ᠢ ᠬᠣᠷᠣᠬᠠᠢ ᠲᠠᠢ ᠠᠷᠠᠭᠠᠨ ᠳᠤ ᠪᠠᠨ ᠵᠤᠭᠤᠭᠰᠠᠨ ᠪᠠᠶᠢᠨ᠎ᠠ᠃ ᠢᠩᠭᠢᠵᠦ ᠯᠠ ᠬᠡᠯᠮᠡᠭᠳᠡᠭᠦᠯᠦᠯᠲᠡ ᠶᠢᠨ ᠬᠠᠷ᠎ᠠ ᠰᠢᠭᠤᠷᠭ᠎ᠠ ᠬᠦᠮᠦᠨ ᠴᠢᠨᠣ᠎ᠠ ᠶᠠᠨᠳᠠᠭ ᠤᠨ ᠴᠢᠰᠤᠲᠤ ᠭᠠᠷ ᠢᠶᠠᠷ ᠡᠬᠢᠯᠡᠵᠡᠢ᠃ ᠮᠡᠳᠡᠭᠡᠵᠢ ᠶᠠᠨᠳᠠᠭ ᠬᠡᠯᠮᠡᠭᠳᠡᠭᠦᠯᠦᠭᠴᠢ ᠪᠢᠰᠢ᠂ ᠵᠦᠭᠡᠷ ᠯᠠ ᠤᠲᠠᠰᠤᠨ ᠬᠡᠦᠬᠡᠯᠳᠡᠢ᠂ ᠪᠠᠰᠠ ᠥᠪᠡᠷ ᠢᠶᠡᠨ ᠬᠡᠯᠮᠡᠭᠳᠡᠭᠴᠢ᠃ ᠲᠡᠭᠦᠨ ᠦ ᠬᠤᠶᠠᠯᠢ ᠲᠠᠴᠢᠶᠠᠯ ᠤᠨ ᠬᠣᠨᠵᠢᠩ ᠶᠠᠮᠠᠷ ᠠᠶᠤᠮᠰᠢᠭᠲᠠᠢ ᠦᠷ᠎ᠡ ᠳᠠᠭᠠᠪᠤᠷᠢ ᠠᠪᠴᠢᠷᠠᠬᠤ ᠶᠢ ᠶᠠᠭᠠᠬᠢᠨ ᠤᠷᠢᠳᠴᠢᠯᠠᠨ ᠮᠡᠳᠡᠬᠦ ᠪᠢᠯᠡ᠃
ᠲᠥᠷᠥ ᠶᠢᠨ ᠲᠥᠯᠥᠭᠡᠯᠡᠭᠴᠢ ᠰᠣᠨᠤᠷᠣᠪᠠ ᠶᠢᠨ ᠳᠦᠷᠢ ᠪᠡᠷ ᠲᠤᠬᠠᠢ ᠶᠢᠨ ᠴᠠᠭ ᠦᠶ᠎ᠡ ᠳᠦ ᠶᠠᠮᠠᠷᠬᠠᠨ ᠤᠬᠠᠭᠠᠨ ᠲᠠᠢ᠂ ᠠᠪᠢᠶᠠᠰ ᠲᠠᠢ᠂ ᠡᠬᠡ ᠣᠷᠣᠨᠴᠢ ᠬᠦᠮᠦᠰ ᠢᠶᠡᠨ ᠠᠯᠠᠵᠤ ᠴᠥᠯᠮᠥᠵᠦ ᠳᠠᠭᠤᠰᠬᠠᠭᠰᠠᠨ ᠢ ᠢᠷᠠᠭᠤ ᠲᠣᠳᠣᠬᠠᠨ ᠬᠠᠷᠠᠭᠤᠯᠵᠤ ᠪᠠᠶᠢᠨ᠎ᠠ᠃ ᠯᠠᠮᠠᠬᠠᠢ ᠬᠡᠮᠡᠬᠦ ᠮᠡᠷᠭᠡᠨ ᠵᠢᠭᠠᠯ ᠤᠨ ᠭᠤᠨᠢᠭᠲᠤ ᠲᠡᠦᠬᠡ ᠰᠡᠳᠬᠢᠯ ᠰᠡᠮᠡᠷᠡᠭᠦᠯᠦᠨᠡ᠃ ᠦᠨᠡᠬᠡᠷ ᠠᠶᠤᠮᠰᠢᠭᠲᠠᠢ ᠣᠨ ᠴᠠᠭ ᠪᠠᠶᠢᠭᠰᠠᠨ ᠢ ᠤᠷᠠᠨ ᠦᠭᠡ ᠶᠢᠨ ᠭᠣᠴᠣ ᠠᠪᠢᠶᠠᠰᠲᠠᠨ ᠮᠠᠨᠢ ᠬᠠᠷᠠᠭᠤᠰᠤᠯ᠂ ᠭᠤᠨᠢᠭ ᠵᠡᠷᠭᠡᠴᠡᠭᠦᠯᠦᠨ ᠦᠵᠡᠭᠦᠯᠵᠦ ᠴᠢᠳᠠᠭᠰᠠᠨ᠃
《ᠤᠰᠤᠨ ᠮᠥᠷᠲᠦ》 ᠬᠡᠮᠡᠬᠦ ᠡᠬᠢᠨ ᠦ ᠪᠦᠯᠦᠭ ᠨᠢ ᠪᠤᠷᠢᠶᠠᠳ ᠵᠣᠨ ᠤ ᠠᠵᠤ ᠲᠥᠷᠥᠯ᠂ ᠬᠦᠮᠦᠨ ᠦ ᠠᠮᠢᠳᠤᠷᠠᠯ ᠤᠨ ᠤᠴᠠᠷᠠᠯ ᠲᠣᠬᠢᠶᠠᠯ᠂ ᠬᠠᠶᠢᠷ᠎ᠠ ᠰᠡᠳᠬᠢᠯ ᠢ ᠢᠷᠠᠭᠤᠬᠠᠨ ᠬᠦᠦᠷᠨᠢᠭᠰᠡᠨ᠃ ᠢᠯᠠᠩᠭᠤᠶ᠎ᠠ ᠴᠡᠪᠡᠯᠮ᠎ᠠ᠂ ᠰᠣᠨᠣᠷᠠᠪᠠ ᠬᠣᠶᠠᠷ ᠨᠠᠭᠤᠷ ᠤᠨ ᠲᠣᠭᠣᠷᠢᠮ ᠳᠤ᠂ ᠮᠠᠨᠠᠨ ᠪᠤᠳᠠᠩ ᠳᠤᠮᠳᠠ ᠢᠨᠠᠭᠯᠠᠨ ᠵᠢᠷᠭᠠᠵᠤ ᠪᠤᠢ ᠦᠯᠢᠭᠡᠷ ᠦᠨ ᠭᠡᠮᠡᠷ ᠥᠭᠦᠯᠡᠮᠵᠢ ᠳᠠᠬᠢᠨ ᠳᠠᠪᠲᠠᠬᠤ ᠦᠭᠡᠢ᠃ ᠤᠷᠠᠨ ᠵᠣᠬᠢᠶᠠᠯ ᠤᠨ ᠭᠠᠶᠢᠬᠠᠮᠰᠢᠭ ᠡᠭᠦᠨ ᠳᠦ ᠯᠠ ᠣᠷᠣᠰᠢᠨ᠎ᠠ᠃ ᠤᠶᠠᠬᠠᠨ ᠵᠥᠭᠡᠯᠡᠨ ᠰᠡᠳᠬᠢᠯ ᠲᠡᠢ᠂ ᠤᠷᠢᠨ ᠲᠠᠴᠢᠶᠠᠩᠭᠤᠢ ᠤᠪᠠᠳᠢᠰ ᠲᠠᠢ ᠴᠡᠪᠡᠯᠮ᠎ᠠ ᠪᠦᠰᠡᠭᠦᠢ 《ᠤᠰᠤᠨ ᠮᠥᠷ》 ᠍ ᠲᠡᠢ ᠬᠥᠮᠥᠨ ᠪᠠᠶᠢᠵᠠᠢ ᠭᠡᠬᠦ ᠰᠡᠳᠬᠢᠭᠳᠡᠯ ᠲᠥᠷᠦᠪᠡ᠃
《ᠴᠢᠰᠤᠨ ᠮᠥᠷᠲᠦ 》 ᠬᠡᠮᠡᠬᠦ ᠳᠠᠷᠠᠭᠠᠬᠢ ᠪᠦᠯᠦᠭ ᠲᠦ ᠭᠡᠮ ᠵᠡᠮ ᠦᠭᠡᠢ ᠮᠥᠷᠲᠡᠯ᠎ᠡ ᠭᠡᠮᠲᠡᠨ ᠭᠡᠵᠦ ᠶᠠᠯᠠᠯᠠᠭᠳᠠᠭᠰᠠᠨ ᠲᠡᠷᠡ ᠬᠦᠮᠦᠰ ᠦᠨ ᠡᠮᠭᠡᠨᠢᠯᠳᠦ ᠬᠤᠪᠢ ᠵᠠᠶᠠᠭ᠎ᠠ ᠶᠢ ᠵᠢᠷᠦᠬᠡ ᠵᠦᠰᠦᠮ᠎ᠡ ᠦᠵᠡᠭᠦᠯᠬᠦ ᠳᠦ ᠪᠡᠨ ᠪᠤᠷᠢᠶᠠᠳ ᠵᠣᠨ ᠢᠶᠠᠨ ᠥᠮᠥᠭᠡᠷᠡᠭᠰᠡᠨ ᠥᠮᠥᠭᠡᠷᠡᠯ ᠭᠤᠨᠢᠭᠯᠠᠯ ᠵᠡᠷᠭᠡᠴᠡᠵᠦ ᠪᠠᠶᠢᠳᠠᠭ᠃ ᠮᠣᠩᠭᠣᠯ ᠨᠢ ᠮᠣᠩᠭᠣᠯ ᠢᠶᠠᠨ ᠬᠥᠨᠥᠭᠡᠭᠡ ᠦᠭᠡᠢ᠃ ᠭᠠᠳᠠᠨ᠎ᠠ ᠶᠢᠨ᠂ ᠬᠠᠷᠢ ᠤᠯᠤᠰ ᠤᠨ ᠵᠣᠯᠢᠶᠠᠰᠤ ᠪᠣᠯᠤᠭᠰᠠᠨ ᠢ ᠡᠨᠳᠡ ᠡᠴᠡ ᠬᠠᠷᠠᠵᠤ ᠪᠣᠯᠤᠨ᠎ᠠ᠃ ᠦᠨᠳᠦᠰᠦ ᠢᠵᠠᠭᠤᠷ ᠨᠢᠭᠡᠲᠦ᠂ ᠠᠬ᠎ᠠ ᠳᠡᠭᠦᠦ ᠬᠦᠮᠦᠰ ᠪᠡᠶ᠎ᠡ ᠪᠡᠶ᠎ᠡ ᠪᠠᠨ ᠬᠢᠲᠤᠵᠤ ᠪᠠᠶᠢᠬᠤ ᠳᠤ᠂ ᠵᠡᠷᠯᠢᠭ ᠠᠷᠢᠶᠠᠲᠠᠨ ᠴᠢᠨᠣ᠎ᠠ ᠬᠦᠮᠦᠨ ᠦ ᠦᠷ᠎ᠡ ᠶᠢ ᠠᠪᠤᠷᠠᠵᠤ ᠪᠠᠶᠢᠨ᠎ᠠ᠃ ᠡᠮᠭᠡᠨᠢᠯᠳᠦ ᠳ᠋ᠷᠠᠮ ᠢ ᠲᠤᠯᠲᠠᠯ᠎ᠠ ᠨᠢ ᠦᠵᠡᠭᠦᠯᠵᠦ᠂ ᠬᠠᠷᠠᠭᠤᠯᠵᠤ᠂ ᠮᠡᠳᠡᠷᠡᠭᠦᠯᠵᠦ ᠴᠢᠳᠠᠭᠰᠠᠨ ᠰᠢᠦ ᠪᠠᠪᠠᠢ ᠮᠢᠨᠢ︕
ᠶᠠᠭᠠᠬᠢᠭᠠᠳ ᠡᠶᠢᠮᠦ ᠪᠣᠳᠠᠲᠠᠢ ᠲᠣᠳᠣᠷᠬᠠᠢ ᠪᠢᠴᠢᠵᠦ ᠴᠢᠳᠠᠪᠠ ᠡ ᠭᠡᠵᠦ ᠠᠰᠠᠭᠤᠪᠠᠯ ᠡᠨᠡ ᠨᠢ ᠵᠣᠬᠢᠶᠠᠯᠴᠢ ᠶᠢᠨ ᠥᠪᠡᠷ ᠦᠨ ᠬᠢ ᠨᠢ ᠲᠤᠭᠤᠯᠤᠭᠰᠠᠨ ᠠᠮᠢᠳᠤᠷᠠᠯ ᠤᠨ ᠨᠢᠭᠡ ᠬᠡᠰᠡᠭ ᠶᠤᠮ᠃
ᠤᠷᠠᠨ ᠵᠣᠬᠢᠶᠠᠯ ᠦᠨᠡᠬᠡᠷ ᠪᠠᠶᠠᠯᠢᠭ ᠠᠵᠢ᠃
4
0