ᠦᠪᠡᠷ ᠤᠨ ᠬᠢ ᠪᠡᠷ ᠢᠶᠡᠨ ᠪᠠᠶᠠᠷ ᠳᠤᠷᠠᠰᠬᠠᠯ ᠤᠨ ᠡᠳᠦᠷ ᠢᠶᠡᠨ ᠦᠩᠬᠡᠷᠡᠬᠦᠯᠥᠶᠡ
ᠦᠪᠡᠷ ᠤᠨ ᠵᠠᠩ ᠵᠠᠩᠰᠢᠯ ᠢᠶᠡᠨ ᠵᠢᠷᠤᠮᠯᠡᠶᠡ
7851
2019-06-06 21:24
发表于:内蒙古
ᠪᠢᠯᠢᠭ ᠤᠨ ᠲᠠᠪᠤᠨ ᠰᠠᠷ᠎ᠠ ᠶᠢᠨ ᠲᠠᠪᠤᠨ ᠢ ᠮᠤᠩᠭᠤᠯᠴᠣᠳ ᠦᠪᠡᠷ ᠤᠨ ᠦᠨᠳᠦᠰᠦᠲᠡᠨ ᠤ ᠵᠠᠩ ᠳᠠᠳᠬᠠᠯ ᠢᠶᠡᠷ ᠢᠶᠡᠨ ᠦᠩᠭᠡᠷᠡᠬᠦᠯᠪᠡᠯ ᠵᠣᠬᠢᠨ᠎ᠠ᠃
ᠪᠤᠰᠤᠳ ᠤᠨ ᠵᠠᠩᠰᠢᠯ ᠢ ᠲᠠᠭᠠᠵᠤ ᠂ ᠵᠢᠪ ᠵᠢᠩᠬᠢᠨᠢ ᠦᠪᠡᠷ ᠤᠨ ᠦᠨᠳᠦᠰᠦᠲᠡᠨ ᠤ ᠤᠯᠠᠮᠵᠢᠯᠠᠯᠲᠤ ᠵᠠᠩᠰᠢᠯ ᠢᠶᠡᠨ ᠮᠠᠷᠲᠠᠬᠤ ᠪᠤᠶᠤ ᠵᠣᠷᠢᠭᠤᠳᠠ ᠪᠤᠰᠤᠳ ᠢ ᠠᠶᠠᠯᠳᠤᠨ ᠲᠠᠭᠠᠵᠤ ᠂ ᠡᠪᠦᠭᠡ ᠳᠡᠭᠡᠳᠦᠰ ᠤᠨ ᠰᠠᠢᠢᠨ ᠰᠠᠢᠢᠬᠠᠨ ᠤᠳᠤᠮᠰᠢᠯᠳᠤ ᠵᠠᠩᠰᠢᠯ ᠢᠶᠡᠨ ᠬᠠᠶᠠᠵᠦ ᠣᠷᠭᠢᠵᠤ ᠪᠠᠢᠢᠭ᠎ᠠ ᠨᠢ ᠦᠨᠡᠬᠡᠷ ᠤᠭ ᠢᠶᠡᠨ ᠮᠠᠷᠲᠠᠵᠤ ᠤᠷᠪᠠᠭᠰᠠᠳ ᠲᠤ ᠲᠣᠭᠠᠴᠢᠭᠳᠠᠬᠤ ᠪᠤᠯᠵᠤ ᠪᠤᠢ ᠃
ᠪᠠᠰᠠ ᠴᠢᠨᠠᠭᠰᠢᠯᠠᠪᠠᠯ ᠭᠠᠳᠠᠭᠠᠳᠤ ᠶᠢᠨ ᠵᠠᠩᠰᠢᠯ ᠢ ᠰᠢᠳᠤᠨ ᠪᠢᠰᠢᠷᠡᠵᠦ ᠂ ᠰᠣᠬᠣᠷ ᠪᠠᠯᠠᠢ ᠪᠡᠷ ᠲᠠᠭᠠᠵᠤ ᠳᠡᠷᠪᠡᠭᠡᠨᠡᠵᠦ ᠪᠠᠢᠢᠭ᠎ᠠ ᠨᠢ ᠴᠦ ᠮᠤᠩ ᠦᠭᠡᠢ ᠤᠯᠠᠨ ᠪᠤᠯᠵᠤ ᠪᠤᠢ ᠃
ᠮᠤᠩᠭᠤᠯᠴᠣᠳ ᠦᠪᠡᠷ ᠤᠨ ᠬᠡᠬᠦ ᠤᠯᠠᠮᠵᠢᠯᠠᠯᠲᠤ ᠪᠠᠶᠠᠷ ᠳᠤᠷᠠᠰᠬᠠᠯ ᠤᠨ ᠡᠳᠦᠷ ᠪᠤᠶᠤ ᠴᠡᠭᠡᠷ ᠬᠣᠷᠢᠭ᠎ᠠ ᠪᠤᠯᠬᠤ ᠡᠳᠦᠷ ᠢᠶᠡᠨ ᠴᠦ ᠪᠤᠰᠤᠳ ᠢ ᠳᠠᠭᠤᠷᠢᠶᠠᠨ ᠪᠠᠶᠠᠷ ᠬᠦᠷ ᠲᠠᠢ ᠲᠡᠮᠳᠡᠭᠯᠡᠵᠦ ᠯᠡ ᠪᠠᠢᠢᠬᠤ ᠨᠢ ᠮᠠᠰᠢ ᠡᠮᠵᠡᠭᠯᠡᠭᠦᠰᠢᠲᠡᠢ ᠪᠤᠯᠬᠤ ᠶᠤᠮ ᠃
ᠭᠡᠷ ᠤᠨ ᠠᠬᠠᠮᠠᠳ ᠪᠤᠶᠤ ᠰᠤᠷᠭᠠᠭᠠᠤᠯᠢ ᠶᠢᠨ ᠪᠠᠭᠰᠢ ᠨᠠᠷ ᠬᠡᠦᠬᠡᠳ ᠲᠤ ᠦᠨᠡᠨ ᠵᠦᠪ ᠢᠶᠡᠷ ᠨᠢ ᠬᠡᠯᠡᠵᠦ ᠵᠢᠭᠠᠵᠤ ᠰᠤᠷᠭᠠᠬᠤ ᠶᠣᠰᠣᠲᠠᠢ ᠃ ᠬᠠᠮᠢᠶ᠎ᠠ ᠬᠠᠢᠳᠠᠭ ᠦᠭᠡᠢ ᠬᠡᠵᠦ ᠣᠮᠲᠣᠭᠠᠢᠯᠠᠵᠤ ᠶᠠᠭᠠᠬᠢᠭᠰᠠᠨ ᠴᠦ ᠪᠤᠯᠬᠤ ᠦᠭᠡᠢ ᠶᠤᠮ ᠃
ᠦᠤᠭᠡ ᠲᠡᠦᠬᠡ ᠪᠡᠨ ᠰᠤᠷᠴᠦ ᠤᠢᠯᠠᠭᠠᠵᠤ ᠤᠯᠠᠮᠵᠢᠯᠠᠨ ᠳᠡᠯᠭᠡᠷᠡᠭᠦᠯᠬᠦ ᠨᠢ ᠠᠬᠠᠮᠠᠳ ᠦᠶ᠎ᠡ ᠶᠢᠨ ᠬᠢᠨ ᠤ ᠵᠠᠢᠯᠠᠭᠤᠯᠵᠤ ᠪᠣᠯᠣᠰᠢ ᠦᠭᠡᠢ ᠠᠷᠢᠭᠤᠨ ᠲᠠᠷᠬᠠᠨ ᠡᠭᠦᠷᠭᠡ ᠬᠠᠷᠢᠭᠤᠴᠠᠯᠭ᠎ᠠ ᠪᠣᠯᠣᠨ᠎ᠠ ᠃
ᠪᠢᠳᠡ ᠪᠦᠬᠦᠨ ᠬᠠᠮᠳᠤᠪᠡᠷ ᠴᠢᠷᠮᠠᠢᠢᠶᠠ ︕
6 0