ᠦᠪᠡᠷ ᠤᠨ ᠬᠢ ᠪᠡᠷ ᠢᠶᠡᠨ ᠪᠠᠢᠢᠶᠠ
ᠦᠦᠭᠡ ᠲᠡᠦᠬᠡ ᠪᠡᠨ ᠮᠡᠳᠡᠵᠦ ᠂ ᠭᠠᠷᠬᠤ ᠵᠠᠮ ᠢᠶᠡᠨ ᠡᠷᠢᠨ ᠰᠦᠪᠡᠭᠴᠢᠯᠡᠬᠦ ᠴᠠᠭ ᠡᠷᠡᠨ ᠬᠦᠷᠴᠦ ᠢᠷᠡᠵᠦ ᠪᠤᠢ ︕
7832
2019-05-31 17:28
发表于:内蒙古
ᠣᠳᠣᠬᠠᠨ ᠳᠥ ᠨᠢᠬᠡ ᠵᠢᠯ ᠤᠨ ᠭᠤᠷᠪᠠᠨ ᠵᠠᠭᠤ ᠵᠢᠷᠠᠨ ᠲᠠᠪᠤ ᠂ ᠵᠢᠷᠭᠤᠭᠠᠨ ᠬᠣᠨᠣᠭ ᠲᠤ ᠡᠢᠢᠮᠥ ᠡᠳᠦᠷ ᠲᠡᠢᠢᠮᠥ ᠡᠳᠦᠷ ᠬᠡᠳ ᠨᠢᠬᠡ ᠰᠠᠷ᠎ᠠ ᠳᠥ ᠲᠠᠪᠤ ᠲᠤᠯᠤᠭᠠᠨ ᠪᠠᠶᠠᠷ ᠳᠤᠷᠠᠰᠬᠠᠯ ᠤᠨ ᠡᠳᠦᠷ ᠪᠤᠯᠵᠤ ᠪᠠᠢᠢᠬᠤ ᠪᠦᠬᠡᠳ ᠮᠠᠨᠠᠢᠢᠬᠢᠳ ᠦᠪᠡᠷ ᠪᠤᠰᠤᠳ ᠤᠨ ᠬᠡᠵᠦ ᠢᠯᠭᠠᠯ ᠦᠭᠡᠢ ᠦᠩᠭᠡᠷᠡᠬᠦᠯᠵᠦ ᠯᠡ ᠪᠠᠢᠢᠨ᠎ᠠ ᠃
ᠴᠢᠨᠠᠭᠰᠢᠯᠠᠪᠠᠯ ᠡᠪᠦᠭᠡ ᠳᠡᠭᠡᠳᠦᠰ ᠤᠨ ᠢᠶᠡᠨ ᠠᠷᠢᠭᠤᠨ ᠴᠢᠰᠤ ᠪᠡᠨ ᠤᠷᠤᠰᠬᠠᠵᠤ ᠠᠯᠳᠠᠨ ᠠᠮᠢ ᠪᠡᠨ ᠠᠯᠳᠠᠭᠰᠠᠨ ᠡᠳᠦᠷ ᠢ ᠴᠦ ᠪᠠᠶᠠᠷ ᠤᠨ ᠡᠳᠦᠷ ᠪᠤᠯᠭᠠᠵᠦ ᠪᠡᠯᠭᠡᠯᠡᠵᠦ ᠯᠠ ᠪᠠᠢᠢᠨ᠎ᠠ ᠃ ᠴᠣᠬᠣᠮ ᠶᠠᠭᠤ ᠪᠤᠯᠵᠤ ᠪᠠᠢᠢᠬᠤ ᠶᠢ ᠪᠤᠤ ᠮᠡᠳᠡ ᠃ ᠦᠪᠡᠷ ᠪᠤᠰᠤᠳ ᠤᠨ ᠬᠡᠵᠦ ᠢᠯᠭᠠᠯ ᠦᠭᠡᠢ ᠪᠡᠷ ᠦᠬᠡᠭᠦ ᠴᠦ ᠪᠢᠰᠢ ᠪᠤᠯᠴᠢᠷᠠᠬᠠᠢ ᠴᠦ ᠪᠢᠰᠢ ᠪᠤᠯᠭᠠᠵᠦ ᠪᠤᠢ ᠃
ᠴᠣᠬᠣᠮ ᠵᠢᠩᠬᠢᠨᠢ ᠮᠠᠨ ᠤ ᠮᠣᠩᠭᠣᠯ ᠤᠨ ᠪᠠᠶᠠᠷ ᠳᠤᠷᠠᠰᠬᠠᠯ ᠤᠨ ᠡᠳᠦᠷ ᠢᠶᠡᠨ ᠮᠡᠳᠡᠵᠦ ᠤᠢᠢᠯᠠᠭᠠᠵᠤ ᠂ ᠲᠤᠷᠠᠰᠬᠠᠨ ᠪᠡᠯᠭᠡᠯᠡᠬᠦ ᠨᠢ ᠵᠦᠢ ᠶᠤᠮ᠃ ᠭᠣᠣᠯ ᠨᠢ ᠮᠠᠨ ᠤ ᠭᠡᠷ ᠤᠨ ᠠᠬᠠᠮᠠᠳ ᠪᠣᠯᠣᠨ ᠪᠠᠭᠰᠢ ᠪᠣᠯᠣᠭᠰᠠᠳ ᠨᠡᠢᠢᠬᠡᠮ ᠨᠡᠢᠢᠳᠡ ᠪᠡᠷ ᠢᠶᠡᠨ ᠦᠨᠳᠦᠰᠦᠲᠡᠨ ᠤ ᠲᠡᠦᠬᠡ ᠰᠣᠶᠣᠯ ᠢᠶᠡᠨ ᠤᠢᠢᠯᠠᠭᠠᠵᠤ ᠂ ᠵᠠᠩ ᠵᠠᠩᠰᠢᠯ ᠢᠶᠡᠨ ᠤᠯᠠᠮᠵᠢᠯᠠᠨ ᠳᠡᠯᠭᠡᠷᠡᠭᠦᠯᠬᠦ ᠨᠢ ᠴᠢᠬᠤᠯᠠ ᠪᠤᠯᠵᠤ ᠪᠠᠢᠢᠨ᠎ᠠ ᠃
ᠮᠠᠨ ᠤ ᠠᠮᠢᠳᠤᠷᠠᠯ ᠠᠬᠤᠢ ᠡᠴᠡ ᠵᠠᠢᠢᠳᠠᠵᠤ ᠪᠠᠢᠢᠭ᠎ᠠ ᠵᠦᠢᠢᠯᠡᠰ ᠢᠶᠡᠨ ᠡᠷᠢᠯᠬᠢᠯᠡᠨ ᠰᠦᠪᠡᠭᠴᠢᠯᠡᠵᠦ ᠂ ᠡᠷᠳᠡ ᠲᠡᠭᠡᠲᠦ ᠦᠶ᠎ᠡ ᠶᠢᠨ ᠦᠦᠭᠡ ᠲᠡᠦᠬᠡ ᠪᠡᠨ ᠰᠤᠷᠴᠦ ᠡᠵᠡᠮᠰᠢᠨ ᠂ ᠡᠨᠡ ᠴᠠᠭ ᠦᠶ᠎ᠡ ᠶᠢᠨ ᠣᠷᠣᠰᠢᠬᠤ ᠶᠢᠨ ᠲᠦᠭᠰᠢᠭᠦᠷᠢ ᠶᠢ ᠵᠦᠪ ᠲᠠᠨᠢᠵᠤ ᠂ ᠡᠪᠯᠢᠭ ᠠᠷᠭᠠᠴᠠᠬᠤ ᠵᠢᠴᠢ ᠭᠠᠷᠬᠤ ᠵᠠᠮ ᠢᠶᠡᠨ ᠡᠷᠢᠨ ᠰᠦᠪᠡᠭᠴᠢᠯᠡᠬᠦ ᠴᠠᠭ ᠡᠷᠡᠨ ᠬᠦᠷᠴᠦ ᠢᠷᠡᠭᠰᠡᠨ ᠢ ᠬᠤᠷᠴᠠ ᠰᠡᠷᠭᠡᠭ ᠢᠶᠡᠷ ᠲᠠᠨᠢᠨ ᠤᠢᠢᠯᠠᠭᠠᠬᠤ ᠪᠣᠯᠣᠭᠰᠠᠨ ᠬᠡᠳᠡᠭ ᠢ ᠦᠢ ᠲᠦᠮᠡᠨ ᠮᠤᠩᠭᠤᠯᠴᠣᠳ ᠮᠢᠨᠢ ᠵᠠᠪᠠᠯ ᠮᠡᠳᠡᠬᠦ ᠬᠡᠷᠡᠭᠲᠡᠢ ᠪᠤᠯᠵᠤ ᠪᠠᠢᠢᠨ᠎ᠠ ︕
2 2