ᠦᠨᠡᠨ ᠦᠬᠡᠨ ᠦ ᠦᠴᠢᠯ
ᠠᠮᠢ ᠨᠠᠰᠤ ᠪᠠᠨ ᠬᠠᠢᠷᠠᠯᠠᠶ᠎ᠠ ᠃ ᠬᠡᠯᠡᠳᠡᠭ ᠢᠶᠡᠨ ᠬᠡᠯᠡᠵᠦ ᠂ ᠬᠢᠳᠡᠭ ᠢᠶᠡᠨ ᠬᠢᠶ᠎ᠡ ᠃
8266
2019-08-05 15:30
发表于:内蒙古
ᠦᠨᠡᠨ ᠦᠬᠡ ᠶᠢᠨ ᠦᠴᠢᠯ
ᠪ ᠂ ᠯᠠᠪᠳᠠᠭᠤᠨ
ᠡᠷᠡᠬᠦᠯ ᠡᠩᠬᠡ ᠬᠠᠮᠤᠬ ᠤᠨ ᠴᠢᠬᠤᠯᠠ ᠬᠡᠳᠡᠭ ᠢ ᠬᠦᠮᠦᠨ ᠵᠤᠨ ᠮᠢᠨᠢ ᠡᠩ ᠲᠡᠷᠢᠬᠦᠨ ᠳᠦ ᠡᠳᠦᠷ ᠲᠤᠳᠤᠮ ᠤᠨ ᠠᠮᠢᠳᠤᠷᠠᠯ ᠳ᠋ᠠᠭᠠᠨ ᠂ ᠢᠳᠡᠵᠦ ᠤᠤᠭᠤᠬᠤ ᠂ ᠶᠠᠪᠤᠵᠤ ᠰᠠᠭᠤᠬᠤ ᠵᠡᠷᠬᠡ ᠳ᠋ᠡᠬᠡᠨ ᠤᠨᠴᠠ ᠠᠩᠬᠠᠷᠤᠯ ᠳ᠋ᠠᠭᠠᠨ ᠠᠪᠬᠤ ᠶᠢ ᠰᠠᠨᠠᠭᠤᠯᠤᠶ᠎ᠠ ︕
ᠡᠵᠢ ᠠᠪᠤ ᠡᠴᠡ ᠵᠠᠶᠠᠭᠠᠬᠰᠠᠨ ᠪᠡᠶ᠎ᠡ ᠮᠠᠬᠠᠪᠤᠳ ᠤᠨ ᠠᠮᠢ ᠨᠠᠰᠤ ᠬᠡᠵᠦ ᠬᠤᠷᠸ᠎ᠠ ᠳ᠋ᠤ ᠭᠠᠬᠴᠠᠬᠠᠨ ᠤᠯᠳᠠᠳᠠᠬ ᠰᠢᠥ ︕ ᠮᠢᠨᠥ ᠬᠠᠢᠢᠷᠠᠳᠤ ᠬᠦᠮᠦᠨ ᠵᠤᠨ ᠮᠢᠨᠢ ᠡ ᠃ ᠬᠦᠨᠳᠦᠳᠬᠡᠨ ᠦᠵᠡᠵᠦ ᠂ ᠬᠦᠮᠦᠨ ᠪᠤᠯᠤᠬᠰᠠᠨ ᠬᠤᠪᠢ ᠵᠠᠶᠠᠭᠠᠨ ᠳ᠋ᠠᠭᠠᠨ ᠲᠠᠯᠠᠷᠬᠠᠵᠦ ᠂ ᠬᠦᠨᠳᠦᠳᠦ ᠡᠵᠢ ᠠᠪᠤ ᠪᠠᠨ ᠠᠮᠢᠳᠤ ᠪᠤᠷᠬᠠᠨ ᠢᠶᠠᠷ ᠰᠢᠳᠦᠵᠦ ᠂ ᠬᠦᠨᠳᠦᠯᠡᠨ ᠠᠴᠢᠯᠠᠵᠦ ᠬᠡᠦᠬᠡᠳ ᠠᠴᠢᠨᠠᠷ ᠪᠤᠯᠤᠬᠰᠠᠨ ᠤ ᠬᠠᠷᠢᠭᠤᠴᠠᠯᠭ᠎ᠠ ᠬᠠᠯᠠᠮᠵᠢ ᠪᠠᠨ ᠡᠷᠬᠦᠶ᠎ᠡ ᠃
ᠮᠥᠨᠴᠦ ᠬᠡᠦᠬᠡᠳ ᠦᠷ᠎ᠡ ᠪᠡᠨ ᠬᠦᠮᠦᠨ ᠰᠢᠭ ᠬᠦᠮᠦᠨ ᠪᠤᠯᠭᠠᠨ ᠬᠦᠮᠦᠵᠢᠬᠦᠯᠵᠦ ᠂ ᠬᠤᠷᠸ᠎ᠠ ᠳ᠋ᠤ ᠢᠷᠡᠭᠰᠡᠨ ᠦ ᠠᠴᠢ ᠲᠤᠰᠠ ᠪᠡᠨ ᠡᠷᠬᠦᠵᠦ ᠂ ᠬᠦᠮᠦᠨ ᠨᠡᠢᠢᠬᠡᠮ ᠳ᠋ᠡᠬᠡᠨ ᠢᠳᠡᠬᠡᠯ ᠵᠢᠳᠬᠦᠯ ᠲᠠᠢ ᠠᠮᠢᠳᠤᠷᠠᠬᠤ ᠶᠢ ᠵᠢᠭᠠᠶ᠎ᠠ ︕
ᠬᠦᠮᠦᠨ ᠪᠤᠯᠤᠨ᠎ᠠ ᠬᠡᠳᠡᠭ ᠵᠡᠬᠦᠦ ᠶᠢᠨ ᠦᠵᠦᠬᠦᠷ ᠲᠤ ᠨᠠᠷᠢᠮᠤ ᠶᠢᠨ ᠮᠦᠬᠦᠯᠢᠭ ᠲᠤᠬᠳᠠᠬᠤ ᠰᠢᠬ ᠮᠦᠴᠢᠳᠬᠡᠨ ᠮᠦᠷᠳᠡᠯ᠎ᠡ ᠮᠦᠩᠬᠡᠳᠡ ᠲᠤᠷᠠᠰᠤᠬᠳᠠᠬᠤ ᠲᠠᠪᠢᠯᠠᠩ ᠬᠡᠳᠡᠭ ᠢ ᠲᠠᠨᠢᠨ ᠤᠢᠢᠯᠠᠭᠠᠵᠤ ᠂ ᠭᠤᠮᠤᠳᠠᠯ ᠦᠬᠡᠢ ᠠᠮᠢᠳᠤᠷᠠᠬᠤ ᠶᠢᠨ ᠲᠦᠯᠦᠬᠡ ᠪᠡᠯᠡᠳᠬᠡᠯ ᠪᠤᠯᠪᠠᠰᠤᠷᠠᠯ ᠬᠦᠢᠴᠡᠳ ᠪᠠᠢᠢᠵᠦ ᠂ ᠬᠦᠷᠴᠦ ᠢᠷᠡᠬᠦ ᠲᠤᠬᠢᠶᠠᠯ ᠵᠢᠴᠢ ᠲᠤᠯᠭᠠᠷᠠᠵᠦ ᠮᠡᠳᠡᠬᠦ ᠬᠦᠴᠢᠷᠳᠡᠯ ᠪᠦᠬᠦᠨ ᠢ ᠢᠳᠡᠬᠡᠯ ᠲᠡᠬᠦᠯᠳᠡᠷ ᠤᠬᠳᠤᠬᠤ ᠪᠡᠷ ᠪᠡᠯᠡᠬᠡᠨ ᠪᠠᠢᠢᠬᠤ ᠳ᠋ᠠᠭᠠᠨ ᠵᠤᠬᠢᠨ᠎ᠡ ᠃ ᠪᠡᠯᠡᠳᠬᠡᠯ ᠪᠦᠷᠢᠨ ᠬᠦᠮᠦᠨ ᠢᠯᠠᠯᠳᠠ ᠳᠤ ᠠᠮᠠᠷᠬᠠᠨ ᠬᠦᠷᠴᠦ ᠲᠡᠢᠢᠯᠬᠦ ᠶᠤᠮ ᠬᠡᠳᠡᠭ ᠢ ᠢᠳᠡᠬᠡᠬᠦ ᠬᠡᠷᠡᠭᠳᠡᠢ ᠃ ᠬᠡᠯᠡᠵᠦ ᠮᠡᠷᠬᠡᠯᠡᠬᠦ ᠡᠴᠡ ᠬᠢᠵᠦ ᠵᠢᠳᠬᠦᠵᠦ ᠦᠵᠡᠪᠡᠯ ᠶᠠᠪᠤᠳᠠᠯ ᠤᠴᠢᠷ ᠪᠡᠶᠡᠯᠡᠬᠦ ᠪᠤᠯᠤᠮᠵᠢ ᠢᠯᠡᠬᠦᠦ ᠪᠠᠢᠢᠳᠠᠬ ᠶᠤᠮ ᠃
ᠬᠤᠪᠢ ᠵᠠᠶᠠᠭᠠᠨ ᠳ᠋ᠠᠭᠠᠨ ᠭᠤᠮᠤᠳᠠᠵᠤ ᠬᠤᠢᠢᠰᠢ ᠤᠬᠤᠷᠢᠵᠦ ᠰᠠᠭᠤᠬᠤ ᠡᠴᠡ ᠬᠦᠴᠦ ᠴᠢᠳᠡᠯ ᠢᠶᠡᠨ ᠭᠠᠷᠭᠠᠵᠤ ᠂ ᠬᠦᠮᠦᠨ ᠠᠷᠠᠳ ᠤᠨ ᠢᠶᠠᠨ ᠲᠦᠯᠦᠬᠡᠨᠡ ᠬᠦᠴᠦᠯᠡᠨ ᠵᠢᠳᠬᠦᠵᠦ ᠶᠠᠪᠤᠶ᠎ᠠ ︕ ᠬᠠᠷᠢᠭᠤᠴᠠᠬᠰᠠᠨ ᠠᠵᠢᠯ ᠢᠶᠠᠨ ᠠᠮᠵᠢᠯᠳᠠ ᠲᠠᠢ ᠪᠡᠶᠡᠯᠡᠬᠦᠯᠵᠦ ᠂ ᠬᠡᠯᠡᠪᠡᠯ ᠵᠤᠬᠢᠬᠤ ᠪᠠᠨ ᠬᠡᠯᠡᠵᠦ ᠂ ᠬᠢᠪᠡᠯ ᠵᠦᠢᠳᠡᠢ ᠪᠠᠨ ᠬᠢᠵᠦ ᠯᠠ ᠪᠠᠢᠢᠶᠠ ︕
4 0