ᠪ ᠊ ᠣᠶᠢ᠍ᠳᠤᠪ : ᠮᠣᠩᠭᠤᠯ ᠲᠦᠮᠡᠨ ᠦ ᠪᠠᠬᠠᠷᠬᠠᠯᠲᠤ ᠡᠮᠡᠭᠲᠡᠢᠴᠦᠳ
ᠪ ᠊ ᠣᠶᠢ᠍ᠳᠤᠪ : ᠮᠣᠩᠭᠤᠯ ᠲᠦᠮᠡᠨ ᠦ ᠪᠠᠬᠠᠷᠬᠠᠯᠲᠤ ᠡᠮᠡᠭᠲᠡᠢᠴᠦᠳ
9209
2018-11-12 09:08
发表于:内蒙古
ᠪ ᠊ ᠣᠶᠢ᠍ᠳᠤᠪ : ᠮᠣᠩᠭᠤᠯ ᠲᠦᠮᠡᠨ ᠦ ᠪᠠᠬᠠᠷᠬᠠᠯᠲᠤ ᠡᠮᠡᠭᠲᠡᠢᠴᠦᠳ
ᠰᠠᠶ᠋ᠢᠬᠠᠨ ᠪᠡᠭᠡᠵᠢᠩ᠂ ᠬᠥᠬᠡᠬᠣᠲᠠ ᠭᠡᠳ ᠬᠣᠶᠠᠷ ᠳᠠᠬᠢ ᠤᠳᠠᠭ᠎ᠠ ᠶᠢᠨ ᠢᠶᠠᠨ ᠠᠶᠠᠯᠠᠯ ᠢᠶᠠᠷ ᠥᠪᠥᠷ ᠮᠣᠩᠭᠣᠯ ᠤᠨ ᠠᠷᠪᠠ ᠭᠠᠷᠤᠢ ᠬᠠᠲᠤᠭᠲᠠᠢ ᠲᠠᠢ ᠠᠭᠤᠯᠵᠠᠵᠤ ᠶᠠᠷᠢᠯᠴᠠᠭᠠᠳ ᠢᠷᠡᠯ᠎ᠡ᠃ 2016 ᠣᠨ ᠳᠤ ᠬᠡᠪᠯᠡᠭᠳᠡᠭᠰᠡᠨ 《ᠬᠠᠯᠬ᠎ᠠ ᠶᠢᠨ ᠰᠠᠶᠢᠬᠠᠨ ᠬᠡᠦᠬᠡᠨ ᠨᠦᠭᠦᠳ》 ᠨᠣᠮ ᠮᠠᠨᠢ 《ᠮᠣᠩᠭᠣᠯ ᠲᠦᠮᠡᠨ ᠦ ᠪᠠᠬᠠᠷᠬᠠᠯᠳᠤ ᠡᠮᠡᠭᠲᠡᠶᠢᠴᠦᠳ》 ᠭᠡᠰᠡᠨ ᠨᠡᠷ᠎ᠡ ᠲᠡᠢ ᠪᠡᠷ ᠤᠶᠢᠭᠤᠷᠵᠢᠨ ᠪᠢᠴᠢᠭ ᠢᠶᠡᠷ ᠥᠪᠥᠷ ᠮᠣᠩᠭᠣᠯ ᠳᠤ᠂ ᠺᠢᠷᠢᠯ ᠪᠢᠴᠢᠭ ᠢᠶᠡᠷ ᠠᠷᠤ ᠮᠣᠩᠭᠣᠯ ᠳᠤ ᠬᠡᠪᠯᠡᠭᠳᠡᠬᠦ ᠨᠢᠭᠡᠨ ᠲᠥᠰᠥᠯ ᠬᠡᠷᠡᠭᠵᠢᠵᠦ ᠪᠠᠶᠢᠭ᠎ᠠ ᠨᠢ ᠡᠨᠡ᠃ ᠡᠨᠡᠬᠦ ᠲᠥᠰᠥᠯ ᠢ ᠬᠡᠷᠡᠭᠵᠢᠭᠦᠯᠬᠦ ᠳᠦ ᠠᠷᠤ ᠮᠣᠩᠭᠣᠯ ᠲᠠᠯ᠎ᠠ ᠠᠴᠠ ᠰᠡᠳᠬᠦᠯᠴᠢ ᠮᠢᠨᠦ ᠪᠡᠶ᠎ᠡ᠂ ᠵᠣᠬᠢᠶᠠᠨ ᠪᠠᠶᠢᠭᠤᠯᠤᠭᠴᠢ ᠳ ∙ ᠲᠤᠭᠤᠯ᠂ ᠵᠢᠷᠤᠭᠠᠴᠢ ᠪᠠᠲᠤᠨᠠᠰᠣᠨ᠂ ᠴ ∙ ᠰᠣᠯᠣᠩᠭ᠎ᠠ᠂ ᠥᠪᠥᠷ ᠮᠣᠩᠭᠣᠯ ᠲᠠᠯ᠎ᠠ ᠠᠴᠠ ᠬᠥᠷᠪᠡᠭᠦᠯᠦᠭᠴᠢ ᠪᠠᠭᠠᠲᠤᠷ᠂ ᠤᠷᠠᠯᠢᠭ ᠰᠤᠳᠤᠯᠤᠭᠠᠴᠢ ᠠ᠊ ∙ ᠪᠠᠶᠠᠷ᠂ 《ᠡᠵᠢ ᠮᠦᠽᠧᠢ》 ᠶᠢ ᠰᠠᠨᠠᠭᠠᠴᠢᠯᠠᠭᠴᠢ ᠨ ᠊ ᠪᠠᠲᠤᠳᠠᠯᠠᠢ ᠨᠠᠷ ᠬᠦᠴᠦᠨ ᠵᠢᠳᠬᠦᠵᠦ ᠪᠠᠶᠢᠭ᠎ᠠ ᠶᠤᠮ᠃ 10 ᠰᠠᠷ᠎ᠠ ᠳᠤ ᠲᠣᠬᠢᠶᠠᠭᠰᠠᠨ ᠡᠬᠢᠨ ᠦ ᠠᠶᠠᠯᠠᠯ ᠢᠶᠠᠷ ᠤᠷᠠᠯᠢᠭ ᠰᠤᠳᠤᠯᠤᠭᠠᠴᠢ᠂ ᠳ᠋ᠣᠺᠲ᠋ᠣᠷ᠂ ᠫᠷᠣᠹᠧᠰᠰᠣᠷ ᠠ᠊ ∙ ᠪᠠᠶᠠᠷ ᠤᠨ ᠵᠢᠭᠠᠪᠤᠷᠢᠯᠠᠭᠰᠠᠨ ᠤ ᠳᠠᠭᠠᠤ ᠪᠢ ᠪᠡᠷ ᠤᠷᠤᠭᠰᠢ ᠪᠠᠨ ᠶᠠᠪᠤᠵᠤ ᠠᠷᠪᠠ ᠭᠠᠷᠤᠢ ᠡᠮᠡᠭᠲᠡᠢ ᠲᠡᠢ ᠠᠭᠤᠯᠵᠠᠵᠤ ᠬᠠᠯᠠᠭᠤᠨ ᠶᠠᠷᠢᠶ᠎ᠠ ᠥᠷᠨᠢᠭᠦᠯᠦᠭᠡᠳ ᠢᠷᠡᠭᠰᠡᠨ᠃ ᠡᠳᠡᠭᠡᠷ ᠬᠠᠲᠤᠭᠲᠠᠢ ᠨᠠᠷ ᠤᠨ ᠶᠡᠬᠡᠩᠬᠢ ᠨᠢ ᠥᠪᠥᠷ ᠮᠣᠩᠭᠣᠯ ᠳᠤ ᠪᠠᠨ ᠲᠡᠳᠦᠢ ᠦᠭᠡᠢ ᠪᠦᠬᠦ ᠬᠢᠲᠠᠳ ᠲᠤ ᠨᠡᠷ᠎ᠡ ᠳᠦ ᠭᠠᠷᠤᠭᠰᠠᠨ ᠠᠪᠢᠶᠠᠰᠲᠠᠨ ᠨᠤᠭᠤᠳ ᠪᠠᠶᠢᠯ᠎ᠠ᠃ ᠵᠢᠱᠢᠶ᠎ᠡ ᠨᠢ 《ᠠᠮᠢᠨ ᠭᠣᠣᠯ》᠂ 《ᠭᠠᠩᠭᠠᠩ ᠬᠠᠷ᠎ᠠ》 ᠵᠡᠷᠭᠡ ᠺᠢᠨᠣ᠋ ᠍ ᠪᠠᠷ ᠢᠶᠠᠨ ᠮᠣᠩᠭᠣᠯᠴᠤᠳ ᠲᠤ ᠬᠡᠳᠦᠶᠢᠨ᠎ᠡ ᠲᠠᠨᠢᠯ ᠪᠣᠯᠤᠭᠰᠠᠨ ᠵᠦᠴᠦᠭᠡᠴᠢᠨ ᠨᠠᠷᠠᠩᠬᠤᠸᠠᠷ ᠬᠢᠲᠠᠳ ᠤᠨ ᠣᠯᠠᠨ ᠺᠢᠨᠣᠨ ᠳᠤ ᠲᠣᠭᠯᠠᠵᠤ ᠪᠦᠬᠦ ᠬᠢᠲᠠᠳ ᠲᠤ ᠣᠳᠣ ᠪᠣᠯᠤᠭᠰᠠᠨ ᠬᠦᠮᠦᠨ ᠶᠤᠮᠰᠠᠨᠵᠢ᠃ ᠲᠡᠭᠦᠨᠴᠢᠯᠡᠨ 《ᠲᠠᠯ᠎ᠠ ᠨᠤᠲᠤᠭ ᠤᠨ ᠪᠢᠴᠢᠬᠠᠨ ᠡᠭᠡᠴᠢ ᠳᠡᠭᠦᠦ》 ᠬᠡᠮᠡᠬᠦ ᠤᠷᠠᠨ ᠰᠠᠶᠢᠬᠠᠨ ᠤ ᠺᠢᠨᠣ᠋ ᠍ ᠪᠠᠷ ᠢᠶᠠᠨ ᠠᠮᠧᠷᠢᠺᠠ ᠶᠢᠨ ᠺᠢᠨᠣ᠋ ᠨᠠᠭᠠᠳᠤᠮ ᠠᠴᠠ ᠲᠡᠷᠢᠭᠦᠨ ᠪᠠᠶᠢᠷᠢ ᠶᠢᠨ ᠱᠠᠩᠨᠠᠯ ᠬᠦᠷᠲᠡᠭᠰᠡᠨ ᠨᠠᠶᠢᠷᠠᠭᠤᠯᠤᠭᠴᠢ ᠰᠤᠶᠤᠯᠴᠡᠴᠡᠭ᠂ ᠨᠠᠶᠢᠷᠠᠯ ᠳᠠᠭᠤᠨ ᠤ ᠤᠳᠤᠷᠢᠳᠤᠭᠠᠴᠢ ᠪᠠᠷ ᠳᠤᠮᠳᠠᠳᠤ ᠤᠯᠤᠰ ᠲᠤ ᠨᠡᠷ᠎ᠡ ᠳᠦ ᠭᠠᠷᠤᠭᠰᠠᠨ ᠢᠯᠠᠭᠤᠨᠭᠡᠷᠡᠯ᠂ ᠰᠢᠯᠢᠳᠡᠭ ᠠᠵᠤ ᠠᠬᠤᠶᠢᠴᠢ᠂ ᠪᠢᠽᠢᠨ᠋ᠧᠰᠮᠧᠨ ᠪᠠᠳᠮ᠎ᠠ᠂ 2015 ᠣᠨ ᠤ ᠪᠦᠬᠦ ᠬᠢᠲᠠᠳ ᠤᠨ ᠮᠢᠰ ᠦᠢᠯᠡᠰ᠂ ᠮᠣᠷᠢᠨ ᠬᠤᠭᠤᠷ ᠰᠤᠳᠤᠯᠤᠭᠠᠴᠢ ᠰᠡᠴᠡᠨᠬᠤᠸᠠᠷ᠂ ᠨᠡᠷᠡᠲᠦ ᠭᠦᠦᠰᠢ᠂ ᠭᠠᠪᠢᠶᠠᠳᠤ ᠨᠠᠶᠢᠷᠠᠭᠤᠯᠤᠭᠴᠢ ᠣᠶᠤᠨᠭᠡᠷᠡᠯ᠂ ᠵᠣᠬᠢᠶᠠᠯᠴᠢ ᠤᠯᠠᠭᠠᠨᠲᠤᠶᠠᠭ᠎ᠠ ᠨᠠᠷ ᠢ ᠳᠤᠷᠠᠳᠴᠤ ᠪᠣᠯᠤᠨ᠎ᠠ᠃
ᠡᠨᠡ ᠤᠳᠠᠭ᠎ᠠ ᠶᠢᠨ ᠪᠡᠭᠡᠵᠢᠩ᠂ ᠬᠥᠬᠡᠬᠣᠲᠠ ᠶᠢᠨ ᠠᠶᠠᠯᠠᠯ ᠢᠶᠠᠷ ᠳᠤᠮᠳᠠᠳᠤ ᠤᠯᠤᠰ ᠤᠨ ᠨᠢᠭᠡᠳᠦᠭᠡᠷ ᠳᠡᠰ ᠦᠨ ᠪᠦᠵᠢᠭᠴᠢᠨ ᠬᠠᠰᠣᠳᠣᠨ᠂ 《ᠪᠡᠭᠡᠵᠢᠩ ᠡᠴᠡ ᠶᠠᠷᠢᠵᠤ ᠪᠠᠶᠢᠨ᠎ᠠ》 ᠬᠡᠮᠡᠨ ᠤᠶᠠᠩᠭᠠᠯᠢᠭ ᠰᠠᠶᠢᠬᠠᠨ ᠳᠠᠭᠤ ᠬᠣᠭᠣᠯᠠᠢ ᠪᠠᠷ ᠢᠶᠠᠨ ᠲᠠᠪᠢᠨ ᠵᠢᠯ ᠨᠡᠪᠲᠡᠷᠡᠭᠦᠯᠦᠭᠴᠢ ᠬᠢᠭᠰᠡᠨ ᠪᠤᠷᠠᠮ᠂ ᠥᠪᠥᠷ ᠮᠣᠩᠭᠣᠯ ᠤᠨ ᠲᠧᠯᠧᠢᠰ᠂ ᠷᠠᠳᠢᠣ᠋ ᠍ ᠶᠢᠨ ᠨᠡᠷᠡᠲᠦ ᠬᠥᠲᠥᠯᠥᠭᠴᠢ᠂ ᠨᠡᠪᠲᠡᠷᠡᠭᠦᠯᠦᠭᠴᠢ ᠰᠢᠯᠤᠨᠴᠢᠮᠡᠭ᠂ ᠤᠷᠠᠨᠴᠢᠮᠡᠭ᠂ ᠤᠷᠲᠤ ᠶᠢᠨ ᠳᠠᠭᠤᠴᠢ ᠴᠠᠭᠠᠨᠬᠦᠦ᠂ ᠲᠤᠰ ᠤᠯᠤᠰ ᠤᠨ ᠠᠩᠬᠠᠨ ᠤ ᠧᠰᠲᠷᠠᠳ᠋ ᠍ ᠤᠨ ᠳᠠᠭᠤᠴᠢᠨ ᠮᠥᠩᠭᠥᠨᠴᠡᠴᠡᠭ᠂ ᠠᠩᠬᠠᠨ ᠤ ᠲᠣᠫ ᠮᠣᠳᠧᠯ ᠥᠯᠵᠡᠢᠤᠷᠲᠤ ᠨᠠᠷ ᠤᠨ ᠠᠷᠪᠠ ᠭᠠᠷᠤᠢ ᠬᠠᠲᠤᠭᠲᠠᠢ ᠲᠠᠢ ᠠᠭᠤᠯᠵᠠᠵᠤ᠂ ᠠᠷᠪᠢᠨ ᠶᠡᠬᠡ ᠮᠡᠳᠡᠭᠡᠯᠡᠯ ᠲᠡᠭᠡᠭᠡᠵᠦ ᠢᠷᠡᠯ᠎ᠡ᠃ ᠮᠥᠨ ᠡᠨᠡᠬᠦ ᠨᠣᠮ ᠲᠠᠢ ᠤᠶᠠᠯᠳᠤᠭᠤᠯᠵᠤ ᠰᠠᠶ᠋ᠢᠬᠠᠨ ᠬᠥᠬᠡᠬᠣᠲᠠ ᠳ᠋ᠤ 《ᠮᠣᠩᠭᠣᠯ ᠲᠦᠮᠡᠨ ᠦ ᠪᠠᠬᠠᠷᠬᠠᠯᠳᠤ ᠡᠮᠡᠭᠲᠡᠶᠢᠴᠦᠳ》 ᠍ ᠦᠨ ᠠᠩᠬᠠᠳᠤᠭᠠᠷ ᠠᠭᠤᠯᠵᠠᠯᠲᠠ ᠪᠣᠯᠤᠯ᠎ᠠ᠃
ᠣᠳᠣ ᠭᠤᠷᠪᠠ ᠳᠠᠬᠢ ᠤᠳᠠᠭ᠎ᠠ ᠶᠢᠨ ᠠᠶᠠᠯᠠᠯ 11 ᠍ ᠳᠦᠭᠡᠷ ᠰᠠᠷ᠎ᠠ ᠶᠢᠨ 20 ᠡᠴᠡ ᠡᠬᠢᠯᠡᠨ᠎ᠡ᠃ ᠡᠭᠦᠨ ᠳᠦ ᠥᠪᠥᠷ ᠮᠣᠩᠭᠣᠯ ᠤᠨ ᠪᠣᠯᠤᠨ ᠳᠤᠮᠳᠠᠳᠤ ᠤᠯᠤᠰ ᠤᠨ ᠨᠡᠷᠡᠲᠦ ᠵᠦᠴᠦᠭᠡᠴᠢᠨ ᠠᠯᠢᠶ᠎ᠠ᠂ ᠨᠠᠷᠠᠩᠭᠤᠸ᠎ᠠ᠂ ᠣᠳᠤᠩᠭᠤᠸᠠ᠂ ᠡᠷᠳᠡᠮᠲᠡᠨ ᠤᠯᠠᠭᠠᠨᠭᠡᠷᠡᠯ᠂ ᠤᠷᠲᠤ ᠶᠢᠨ ᠳᠠᠭᠤᠴᠢᠨ ᠮᠡᠳᠡᠭ᠂ ᠪᠠᠳᠮ᠎ᠠ᠂ ᠳᠠᠭᠤᠷᠢ ᠶᠢᠨ ᠳᠠᠭᠤᠴᠢᠨ ᠴᠡᠴᠡᠭ᠂ ᠪᠦᠵᠢᠭᠴᠢᠨ ᠰᠡᠴᠢᠨᠳᠠᠷᠢ᠂ ᠣᠳᠣᠨᠭᠡᠷᠡᠯ᠂ ᠬᠥᠭᠵᠢᠮᠴᠢᠨ ᠲᠤᠶᠠᠭ᠎ᠠ᠂ ᠢᠷᠠᠭᠤ ᠨᠠᠶᠢᠷᠠᠭᠴᠢ ᠨ ᠊ ᠰᠡᠮᠵᠡᠳ᠂ ᠠᠷᠠᠳ ᠤᠨ ᠳᠠᠭᠤᠴᠢᠨ ᠵᠢᠩᠬᠤᠸᠠᠷ᠂ ᠵᠢᠷᠤᠭᠠᠴᠢ ᠰᠢᠨᠡᠰᠠᠨᠠᠭᠠ᠂ ᠭᠠᠪᠢᠶᠠᠳᠤ ᠨᠠᠶᠢᠷᠠᠭᠤᠯᠤᠭᠴᠢ ᠰᠠᠷᠠᠨᠴᠢᠮᠡᠭ ᠨᠠᠷ ᠤᠨ ᠠᠷᠪᠠ ᠭᠠᠷᠤᠢ ᠬᠦᠮᠦᠨ ᠲᠡᠢ ᠠᠭᠤᠯᠵᠠᠬᠤ ᠪᠠᠷ ᠠᠯᠠᠱᠠ᠂ ᠠᠪᠠᠭ᠎ᠠ᠂ ᠰᠢᠯᠢ ᠶᠢᠨ ᠭᠣᠣᠯ᠂ ᠦᠵᠦᠮᠦᠴᠢᠨ ᠲᠡᠰᠢ ᠬᠥᠳᠡᠯᠦᠨ᠎ᠡ᠃
ᠡᠶᠢᠨᠬᠦᠦ ᠥᠪᠥᠷ ᠮᠣᠩᠭᠣᠯ ᠤᠨ ᠰᠢᠯᠢᠳᠡᠭ ᠡᠮᠡᠭᠲᠡᠶᠢᠴᠦᠳ ᠦᠨ ᠬᠥᠷᠥᠭ ᠨᠠᠶᠢᠷᠠᠭᠤᠯᠤᠯ ᠪᠡᠯᠡᠨ ᠪᠣᠯᠤᠭᠰᠠᠨ ᠢᠶᠠᠷ ᠬᠣᠶᠠᠷ ᠣᠷᠣᠨ ᠤ ᠰᠢᠯᠢᠳᠡᠭ ᠰᠠᠶᠢᠬᠠᠨ ᠬᠠᠲᠤᠭᠲᠠᠢ ᠨᠠᠷ ᠣᠷᠣᠯᠴᠠᠭᠰᠠᠨ ᠨᠢᠭᠡᠨ ᠰᠢᠨ᠎ᠡ ᠨᠣᠮ ᠡᠨᠡ ᠣᠨ ᠳ᠋ᠠᠭᠠᠨ ᠪᠠᠭᠳᠠᠭᠠᠳ ᠬᠥᠬᠡ ᠬᠣᠲᠠ ᠳ᠋ᠤ ᠨᠡᠭᠡᠭᠡᠯᠲᠡ ᠪᠡᠨ ᠬᠢᠬᠦ ᠶᠤᠮ᠃ ᠳᠠᠷᠠᠭ᠎ᠠ ᠨᠢ ᠤᠭ ᠨᠣᠮ ᠺᠢᠷᠢᠯ ᠢᠶᠡᠷ ᠤᠯᠠᠭᠠᠨᠪᠠᠭᠠᠲᠤᠷ ᠲᠤ ᠬᠡᠪᠯᠡᠭᠳᠡᠨ᠎ᠡ᠃ ᠡᠨᠡ ᠨᠢ ᠮᠣᠩᠭᠣᠯ-ᠬᠢᠲᠠᠳ ᠤᠨ ᠰᠤᠶᠤᠯ ᠤᠨ ᠰᠣᠯᠢᠯᠴᠠᠭᠠᠨ ᠤ ᠨᠢᠭᠡᠨ ᠴᠢᠬᠤᠯᠠ ᠬᠡᠷᠡᠭᠯᠡᠭᠳᠡᠬᠦᠨ ᠪᠣᠯᠬᠤ ᠶᠤᠮ᠃ ᠳᠠᠰᠢᠷᠠᠮ ᠳᠤ ᠥᠭᠥᠯᠡᠬᠦ ᠳᠦ ᠡᠨᠡ ᠵᠢᠯ ᠮᠣᠩᠭᠣᠯ-ᠬᠢᠲᠠᠳ ᠤᠨ ᠨᠠᠶᠢᠷᠠᠮᠳᠠᠯ᠂ ᠰᠤᠶᠤᠯ ᠤᠨ ᠬᠠᠷᠢᠯᠴᠠᠭ᠎ᠠ ᠡᠭᠦᠰᠦᠨ ᠪᠠᠶᠢᠭᠤᠯᠤᠭᠳᠠᠭᠰᠠᠨ ᠤ 70 ᠵᠢᠯ ᠦᠨ ᠣᠢ ᠲᠣᠬᠢᠶᠠᠵᠤ ᠪᠠᠶᠢᠭ᠎ᠠ ᠪᠥᠭᠡᠳ ᠤᠭ ᠨᠣᠮ ᠡᠭᠦᠨ ᠳᠦ ᠵᠣᠷᠢᠭᠤᠯᠤᠭᠳᠠᠭᠰᠠᠨ ᠪᠣᠯᠤᠨ᠎ᠠ᠃ ᠮᠥᠨ ᠡᠭᠦᠨ ᠡᠴᠡ ᠭᠠᠳᠠᠨ᠎ᠠ ᠪᠤᠷᠢᠶᠠᠳ-ᠮᠣᠩᠭᠣᠯ ᠤᠨ ᠰᠢᠯᠢᠳᠡᠭ ᠬᠠᠲᠤᠭᠲᠠᠢ ᠨᠠᠷ ᠤᠨ ᠲᠤᠬᠠᠢ ᠨᠣᠮ ᠭᠠᠷᠭᠠᠬᠤ ᠪᠠᠷ ᠡᠷᠬᠦᠦ ᠶᠢᠨ ᠺᠣᠨᠰᠤᠶᠢᠯ ᠤᠨ ᠭᠠᠵᠠᠷ ᠤᠨ ᠠᠵᠢᠯᠲᠠᠨ ᠳ ∙ ᠪᠠᠲᠤᠰᠠᠶᠢᠬᠠᠨ ᠰᠠᠨᠠᠯ ᠲᠠᠯᠪᠢᠵᠤ᠂ 2019 ᠣᠨ ᠳᠤ ᠪᠠᠰᠠ ᠨᠢᠭᠡᠨ ᠲᠥᠰᠥᠯ ᠬᠡᠷᠡᠭᠵᠢᠬᠦ ᠡᠭᠦᠳᠡ ᠬᠠᠭᠠᠯᠭ᠎ᠠ ᠨᠡᠭᠡᠭᠡᠭᠳᠡᠭᠡᠳ ᠪᠠᠶᠢᠨ᠎ᠠ᠃ ᠲᠡᠭᠡᠭᠡᠳ ᠴᠠᠰᠢ ᠪᠠᠨ ᠬᠠᠯᠢᠮᠠᠭ᠂ ᠲᠤᠸᠠ ᠁ ᠢᠩᠭᠢᠭᠰᠡᠨ ᠢᠶᠡᠷ ᠲᠠᠪᠤᠨ ᠮᠣᠩᠭᠣᠯ ᠤᠨ ᠰᠢᠯᠢᠳᠡᠭ ᠲᠡᠷᠢᠭᠦᠨ ᠦ ᠡᠮᠡᠭᠲᠡᠶᠢᠴᠦᠳ ᠨᠢᠭᠡᠨ ᠨᠣᠮ ᠤᠨ ᠬᠠᠭᠤᠳᠠᠰᠤᠨ ᠳᠡᠭᠡᠷ᠎ᠡ ᠬᠤᠷᠠᠨ ᠴᠢᠭᠤᠯᠬᠤ ᠶᠤᠮᠰᠠᠨᠵᠡᠢ᠃
ᠲᠦᠮᠡᠲᠦ ᠰᠢᠨ᠎ᠡ ᠬᠥᠷᠪᠡᠭᠦᠯᠪᠡ
4
0