ᠤᠷᠢᠶ᠎ᠠ
ᠥᠪᠡᠷ ᠦᠨ ᠡᠷᠬᠡ ᠠᠰᠢᠭ ᠤᠨ ᠲᠥᠯᠦᠭᠡ ᠪᠤᠰᠴᠤ ᠲᠡᠮᠡᠴᠡᠬᠦ ᠶᠢ ᠤᠷᠢᠶᠠᠯᠠᠨ ᠳᠠᠭᠤᠳᠠᠭᠰᠠᠨ ᠤᠷᠢᠶᠠᠯᠭ᠎ᠠ
12558
2018-11-09 10:34
发表于:内蒙古
ᠮᠣᠩᠭᠣᠯ ᠤᠨ ᠬᠦᠮᠦᠨ ᠠᠮᠠ 3 ᠰᠠᠶ᠎ᠠ ᠭᠡᠲᠡᠯ᠎ᠡ ᠨᠡᠶᠢᠲᠡ 8 ᠰᠠᠶ᠎ᠠ ᠨᠢᠭᠤᠷ ᠨᠣᠮ ᠤᠨ ᠬᠠᠶᠠᠭ ᠪᠠᠶᠢᠨ᠎ᠠ ᠭᠡᠰᠡᠨ ᠰᠤᠳᠤᠯᠭ᠎ᠠ ᠪᠠᠶᠢᠨ᠎ᠠ᠃
ᠲᠠᠯᠠᠪᠠᠢ ᠳᠡᠭᠡᠷ᠎ᠡ 100.000 ᠬᠦᠮᠦᠨ ᠴᠤᠭᠯᠠᠵᠤ ᠴᠢᠳᠠᠬᠤ ᠤᠤ?
500.000 ᠬᠦᠮᠦᠨ ᠡᠨᠡ ᠰᠢᠳᠤᠷᠭᠤ ᠪᠤᠰᠤ ᠪᠠᠶᠢᠳᠠᠯ ᠢ ᠲᠡᠮᠡᠴᠡᠵᠦ ᠨᠢᠭᠡᠳᠴᠦ ᠴᠢᠳᠠᠬᠤ ᠤᠤ?
ᠬᠥᠯᠦᠰᠦᠨ ᠦ ᠠᠷᠪᠠᠲᠤ ᠶᠢᠨ ᠵᠢᠭᠰᠠᠭᠴᠢᠳ ᠪᠢᠰᠢ ᠰᠢᠦ︕
ᠡᠨᠡ ᠮᠠᠭᠤ ᠮᠠᠭᠤᠬᠠᠢ ᠲᠠᠢ ᠠᠶᠤᠬᠤ ᠦᠭᠡᠢ ᠲᠡᠮᠡᠴᠡᠬᠦ ᠰᠢᠳᠤᠷᠭᠤ᠂ ᠦᠵᠡᠯ ᠪᠣᠳᠣᠯ ᠢᠶᠠᠨ ᠬᠤᠳᠠᠯᠳᠤᠬᠤ ᠦᠭᠡᠢ ᠵᠠᠯᠠᠭᠤᠴᠤᠳ ᠨᠢᠭᠡᠳᠬᠦ ᠦᠦ︖
ᠭᠡᠷ ᠲᠦ ᠪᠡᠨ ᠠᠶᠤᠵᠤ ᠰᠠᠭᠤᠭᠠᠳ ᠺᠣᠮᠫᠶᠦ᠋ᠲ᠋ᠧᠷ ᠦᠨ ᠠᠷᠣ ᠠᠴᠠ ᠪᠤᠬᠢᠨᠢᠳᠤᠵᠤ ᠬᠠᠷᠢᠶᠠᠭᠠᠳ ᠂ ᠥᠷᠥ ᠵᠢᠭᠡᠯᠡᠨ ᠳᠦ ᠪᠠᠷᠢᠭᠳᠠᠨ᠂ ᠬᠣᠨᠣᠭ ᠤᠨ ᠬᠣᠭᠣᠯᠠ ᠪᠠᠷ ᠢᠶᠠᠨ ᠬᠣᠳᠣᠭᠣᠳᠣ ᠪᠠᠨ ᠪᠠᠷᠢᠭᠤᠯᠵᠤ᠂ ᠰᠢᠳᠤᠷᠭᠤ ᠶᠣᠰᠣ᠂ ᠶᠣᠰᠣ ᠰᠤᠷᠲᠠᠬᠤᠨ ᠦᠭᠡᠢ ᠨᠡᠶᠢᠭᠡᠮ ᠢ ᠬᠦᠯᠢᠴᠡᠨ ᠲᠡᠪᠴᠢᠭᠡᠳ ᠲᠠᠰᠤᠷᠠᠯᠲᠠ ᠦᠭᠡᠢ ᠪᠠᠶᠠᠷᠯᠠᠵᠤ ᠠᠷᠢᠬᠢᠳᠠᠭᠰᠠᠭᠠᠷ ᠢᠩᠭᠢᠭᠡᠳ ᠯᠠ ᠳᠡᠭᠡᠷᠡᠮᠳᠡᠭᠦᠯᠵᠦ ᠳᠣᠷᠣᠮᠵᠢᠯᠠᠭᠤᠯᠤᠭᠠᠳ ᠢᠷᠡᠭᠡᠳᠦᠢ ᠦᠭᠡᠢ᠂ ᠡᠬᠡ ᠣᠷᠣᠨ ᠦᠭᠡᠢ᠂ ᠦᠷ᠎ᠡ ᠬᠡᠦᠬᠡᠳ ᠢᠶᠡᠨ ᠪᠣᠭᠣᠯ ᠤᠨ ᠨᠡᠶᠢᠭᠡᠮ ᠳᠦ ᠶᠠᠳᠠᠭᠤ ᠠᠮᠢᠳᠤᠷᠠᠭᠤᠯᠤᠭᠰᠠᠭᠠᠷ ᠯᠠ ᠪᠠᠶᠢᠬᠤ ᠤᠤ︖
76 ᠍ ᠳᠦ ᠬᠤᠯᠠᠭᠠᠶᠢᠯᠠᠭᠤᠯᠤᠭᠠᠳ ᠪᠠᠶᠢᠬᠤ ᠤᠤ︖
ᠲᠠ ᠨᠠᠷ ᠢ ᠠᠵᠢᠯ ᠢᠶᠠᠷ ᠴᠢᠨᠢ᠂ ᠠᠮᠢᠳᠤᠷᠠᠯ ᠢᠶᠠᠷ ᠴᠢᠨᠢ᠂ ᠭᠡᠷ ᠪᠦᠯᠢ ᠪᠡᠷ ᠴᠢᠨᠢ᠂ ᠬᠠᠮᠤᠭ ᠨᠠᠨᠳᠢᠨ ᠪᠦᠬᠦᠨ ᠢᠶᠡᠷ ᠴᠢᠨᠢ ᠳᠠᠷᠤᠮᠲᠠᠯᠠᠳᠠᠭ ᠭᠡᠳᠡᠭ ᠢ ᠰᠠᠶᠢᠨ ᠣᠶᠢᠯᠠᠭᠠᠵᠤ ᠪᠠᠶᠢᠨ᠎ᠠ᠃
ᠤᠷᠲᠤ ᠤᠳᠠᠭᠠᠨ ᠲᠣᠭᠲᠠᠪᠤᠷᠢᠲᠠᠢ ᠲᠥᠷᠥ ᠦᠭᠡᠢ ᠂ ᠮᠣᠩᠭᠣᠯ ᠬᠥᠮᠦᠨ ᠢᠶᠡᠨ ᠪᠣᠳᠣᠳᠠᠭ ᠦᠭᠡᠢ᠂ ᠮᠣᠩᠭᠣᠯ ᠤᠨ ᠢᠵᠠᠭᠤᠷ ᠡᠷᠬᠡ ᠠᠰᠢᠭ᠂ ᠬᠢᠯᠢ ᠬᠢᠵᠠᠭᠠᠷ᠂ ᠬᠦᠮᠦᠨ ᠠᠮᠠ ᠶᠢᠨ ᠡᠷᠡᠭᠦᠯ ᠮᠡᠨᠳᠦ᠂ ᠪᠣᠯᠪᠠᠰᠤᠷᠠᠯ ᠨᠢ ᠨᠤᠷᠠᠬᠤ ᠭᠡᠵᠦ ᠪᠠᠶᠢᠭ᠎ᠠ ᠬᠦᠰᠡᠭᠰᠡᠨ ᠪᠦᠬᠦᠨ ᠨᠢ ᠬᠦᠮᠦᠨ ᠦ ᠬᠣᠭᠣᠯᠠ ᠪᠣᠯᠵᠤ᠂ ᠡᠬᠡ ᠣᠷᠣᠨ ᠭᠠᠵᠠᠷ ᠰᠢᠷᠣᠢ ᠪᠠᠨ ᠤᠬᠣᠭᠤᠯᠵᠤ᠂ ᠮᠣᠩᠭᠣᠯ ᠬᠦᠮᠦᠨ ᠪᠦᠷᠢ ᠶᠢ ᠳᠣᠣᠷ᠎ᠠ ᠳᠤ ᠦᠵᠡᠳᠡᠭ᠂ ᠥᠪᠡᠷᠰᠡᠳ ᠦᠨ ᠳᠠᠷᠬᠠᠯᠠᠭ᠎ᠠ ᠂ ᠰᠣᠶᠣᠯ ᠦᠭᠡᠢ ᠥᠷᠥᠭᠡᠯ ᠳᠦ ᠠᠭᠤᠰᠤᠭᠰᠠᠭᠠᠷ ᠯᠠ ᠤᠲᠤᠭᠠᠨ ᠳᠤ ᠪᠠᠨ ᠬᠣᠣᠷᠳᠠᠵᠤ ᠦᠬᠦᠭᠡᠳ ᠪᠠᠭᠠᠰᠤᠨ ᠳ᠋ᠤ ᠪᠠᠨ ᠵᠢᠪᠪᠦᠭᠡᠳ ᠤᠤᠭᠤᠬᠤ ᠤᠮᠳᠠᠨ ᠤ ᠤᠰᠤ ᠦᠭᠡᠢ ᠪᠣᠯᠤᠭᠠᠳ ᠳᠠᠭᠤᠰᠬᠤ ᠤᠤ︖
ᠡᠬᠡ ᠣᠷᠣᠨ ᠳᠤ ᠪᠠᠨ ᠲᠠ ᠨᠠᠷ ᠭᠠᠳᠠᠭᠤᠷᠬᠠᠭᠤᠯᠵᠤ ᠳᠣᠷᠣᠮᠵᠢᠯᠠᠭᠤᠯᠤᠭᠠᠳ ᠯᠠ ᠥᠷᠯᠥᠭᠡᠨ ᠡᠴᠡ ᠣᠷᠣᠢ ᠬᠦᠷᠲᠡᠯ᠎ᠡ ᠦᠬᠦᠲᠡᠯ᠎ᠡ ᠪᠡᠨ ᠠᠵᠢᠯᠯᠠᠭᠰᠠᠨ ᠴᠤ ᠪᠠᠷᠠᠭᠳᠠᠬᠤ ᠦᠭᠡᠢ ᠥᠷᠢ ᠶᠢᠨ ᠳᠠᠷᠤᠮᠲᠠᠨ ᠳᠤ ᠥᠯ ᠵᠠᠯᠭᠠᠭᠤᠯᠤᠭᠰᠠᠭᠠᠷ ᠪᠠᠶᠢᠬᠤ ᠤᠤ︖
ᠳᠡᠯᠡᠬᠡᠢ ᠶᠢᠨ ᠲᠠᠯ᠎ᠠ ᠶᠢ ᠡᠵᠡᠯᠡᠵᠦ ᠨᠡᠷ᠎ᠡ ᠪᠡᠨ ᠳᠠᠭᠤᠷᠢᠰᠬᠠᠵᠤ ᠪᠠᠶᠢᠭᠰᠠᠨ ᠶᠡᠬᠡ ᠡᠵᠡᠨ ᠴᠢᠩᠭᠢᠰ ᠬᠠᠭᠠᠨ ᠤ ᠬᠢ ᠪᠠᠨ ᠲᠡᠦᠬᠡᠲᠦ ᠡᠳᠦᠷ ᠢᠶᠡᠷ ᠴᠢᠩᠭᠢᠰ ᠦᠨ ᠮᠣᠩᠭᠣᠯ ᠵᠠᠯᠠᠭᠤᠰ ᠠᠷᠠᠴᠢᠭᠠᠲᠠᠢ᠂ ᠴᠢᠳᠠᠯ ᠲᠠᠢ᠂ ᠰᠢᠳᠤᠷᠭᠤ ᠭᠡᠳᠡᠭ ᠢ ᠲᠥᠷᠥ ᠶᠢᠨ ᠴᠠᠭᠳᠠᠭ᠎ᠠ᠂ ᠰᠢᠭᠦᠬᠦ ᠵᠠᠰᠠᠭᠯᠠᠯ᠂ ᠰᠢᠳᠤᠷᠭᠤ ᠲᠥᠷᠥ ᠶᠢᠨ ᠠᠯᠪᠠᠨ ᠬᠠᠭᠠᠭᠴᠢᠳ ᠮᠢᠨᠢ ᠬᠠᠷᠠᠭᠤᠯᠵᠤ ᠬᠠᠮᠲᠤ ᠳᠤ ᠪᠠᠨ ᠨᠢᠭᠡᠳᠦᠭᠲᠦᠨ᠃
ᠲᠠ ᠨᠠᠷ ᠲᠤ ᠰᠥᠬᠥᠭᠡ ᠥᠭᠬᠦ ᠵᠠᠪ ᠦᠭᠡᠢ ᠠᠵᠢᠯᠯᠠᠭᠤᠯᠤᠭᠠᠳ ᠲᠠᠲᠠᠪᠤᠷᠢ ᠪᠠᠷ ᠴᠢᠨᠢ ᠲᠡᠳᠡ ᠨᠠᠭᠠᠳᠴᠤ ᠪᠠᠶᠢᠨ᠎ᠠ᠃ ᠲᠠ ᠨᠠᠷ ᠤᠨ ᠨᠡᠷ᠎ᠡ ᠶᠢ ᠪᠠᠷᠢᠵᠤ ᠲᠡᠳᠡ ᠢᠷᠡᠭᠡᠳᠦᠢ ᠶᠢ ᠴᠢᠨᠢ ᠢᠴᠢᠬᠦ ᠦᠭᠡᠢ ᠬᠤᠯᠠᠭᠠᠶᠢᠯᠠᠵᠤ ᠪᠠᠶᠢᠨ᠎ᠠ᠃ ᠲᠠ ᠨᠠᠷ ᠤᠨ ᠨᠡᠷ᠎ᠡ ᠪᠡᠷ ᠲᠡᠳᠡ ᠳᠡᠶᠢᠯᠳᠡᠰᠢ ᠦᠭᠡᠢ ᠶᠡᠬᠡ ᠥᠷᠢ ᠵᠢᠭᠡᠯᠡ ᠲᠠᠯᠪᠢᠵᠤ ᠲᠣᠯᠣᠭᠠᠢ ᠳᠡᠭᠡᠷ᠎ᠡ ᠴᠢᠨᠢ ᠭᠢᠰᠬᠢᠯᠡᠵᠦ ᠪᠠᠶᠢᠨ᠎ᠠ᠃
ᠬᠠᠷᠢᠨ ᠲᠠ ᠨᠠᠷ ᠢ ᠲᠡᠳᠡ ᠭᠤᠯᠢᠷ᠂ ᠪᠤᠳᠠᠭ᠎ᠠ᠂ 20.000 ᠲᠥᠭᠥᠷᠢᠭ ᠢᠶᠡᠷ ᠯᠠ ᠦᠨᠡᠯᠡᠵᠦ ᠪᠠᠶᠢᠨ᠎ᠠ᠃
ᠨᠠᠳᠠ ᠳᠤ ᠪᠦᠬᠦ ᠶᠠᠭᠤᠮ᠎ᠠ ᠪᠠᠶᠢᠨ᠎ᠠ᠃ ᠰᠠᠶᠢᠬᠠᠨ ᠪᠠᠶᠢᠨ᠎ᠠ᠃ ᠭᠡᠬᠦ ᠳᠦ ᠪᠡᠨ ᠠᠮᠢᠨ ᠬᠤᠪᠢ ᠪᠠᠨ ᠬᠢᠴᠢᠶᠡᠭᠡᠳ ᠴᠢᠮᠡᠭᠡ ᠦᠭᠡᠢ ᠪᠥᠭᠭᠥᠭᠡᠳ ᠰᠠᠭᠤᠵᠤ ᠳᠠᠩᠴᠤ ᠴᠢᠳᠠᠬᠤ ᠦᠭᠡᠢ ᠨᠢ᠃
ᠮᠣᠩᠭᠣᠯ ᠳᠤ ᠮᠢᠨᠦ ᠬᠠᠶᠢᠷᠠᠲᠠᠢ ᠭᠡᠰᠡᠨ ᠪᠦᠬᠦᠨ ᠪᠠᠶᠢᠭ᠎ᠠ᠃ ᠡᠯᠢᠭᠡ ᠨᠢᠭᠡᠲᠦ ᠠᠬᠠᠨ ᠳᠡᠭᠦᠰ᠂ ᠭᠡᠷ ᠪᠦᠯᠢ᠂ ᠲᠥᠷᠥᠯ ᠲᠥᠷᠥᠭᠰᠡᠳ᠂ ᠠᠨᠳᠠ ᠨᠥᠬᠥᠳ᠂ ᠨᠠᠶᠢᠵᠠ ᠨᠤᠭᠤᠳ ᠮᠢᠨᠢ᠂ ᠪᠠᠭᠰᠢ ᠨᠠᠷ ᠮᠢᠨᠢ ᠪᠠᠶᠢᠭ᠎ᠠ ᠃
ᠬᠠᠮᠤᠭ ᠤᠨ ᠭᠣᠣᠯ ᠨᠢ ᠮᠣᠩᠭᠤᠯ ᠡᠬᠡ ᠣᠷᠣᠨ ᠮᠢᠨᠢ ᠪᠠᠶᠢᠭ᠎ᠠ᠃
ᠡᠬᠡ ᠣᠷᠣᠨ ᠲᠠᠢ᠂ ᠢᠵᠢᠢ ᠠᠪᠤ ᠲᠠᠢ᠂ ᠮᠣᠩᠭᠣᠯ ᠬᠦᠮᠦᠨ ᠪᠦᠷᠢ ᠵᠢᠷᠦᠬᠡ ᠰᠡᠳᠬᠢᠯ ᠳᠦ ᠪᠡᠨ ᠬᠠᠷᠠᠭᠤᠰᠴᠤ᠂ ᠤᠬᠢᠯᠠᠵᠤ ᠪᠠᠶᠢᠭ᠎ᠠ᠃
ᠠᠪᠤ ᠮᠢᠨᠢ ᠥᠬᠢᠨ ᠢᠶᠡᠨ ᠠᠯᠤᠰ ᠬᠣᠯᠠ ᠶᠢᠨ ᠣᠳᠣᠳ ᠠᠴᠠ ᠬᠠᠷᠠᠵᠤ ᠰᠠᠭᠤᠭ᠎ᠠ᠃ ᠲᠠ ᠶᠠᠮᠠᠷ ᠠᠯᠤᠰ ᠢ ᠬᠠᠷᠠᠭᠰᠠᠨ ᠠᠭᠤᠤ ᠬᠦᠮᠦᠨ ᠪᠠᠶᠢᠭᠰᠠᠨ ᠶᠤᠮ ᠪᠤᠢ︖ ᠡᠴᠢᠭᠡ ᠮᠢᠨᠢ ᠪᠠᠶᠢᠵᠤ ᠴᠢᠳᠠᠭ᠎ᠠ ᠦᠭᠡᠢ ᠴᠤ ᠥᠬᠢᠨ ᠢᠶᠡᠨ ᠲᠠ ᠵᠢᠩᠬᠢᠨᠢ ᠡᠬᠡ ᠣᠷᠣᠨᠴᠢ ᠬᠦᠮᠦᠨ ᠪᠣᠯᠭᠠᠵᠤ ᠴᠢᠭᠯᠡᠭᠦᠯᠵᠦ ᠴᠢᠳᠠᠭᠰᠠᠨ ᠶᠤᠮ ᠰᠢᠦ᠃
ᠪᠢᠳᠡ ᠴᠠᠭᠠᠰᠢᠳᠠ ᠪᠠᠨ ᠶᠠᠭᠠᠬᠢᠬᠤ ᠪᠤᠢ︖
ᠶᠠᠭᠠᠬᠢᠵᠤ ᠲᠥᠷᠥ ᠰᠢᠭ ᠲᠥᠷᠥ ᠲᠡᠢ ᠲᠦᠮᠡᠨ ᠠᠷᠠᠳ ᠨᠢ ᠵᠣᠪᠠᠯᠠᠩ ᠦᠭᠡᠢ ᠥᠯᠥᠰᠬᠦ ᠦᠭᠡᠢ ᠪᠠᠶᠢᠬᠤ ᠪᠤᠢ︖
20 ᠵᠢᠯ 200 ᠵᠢᠯ ᠦᠨ ᠳᠠᠷᠠᠭ᠎ᠠ ᠲᠡᠦᠬᠡ ᠶᠢᠨ ᠬᠠᠭᠤᠳᠠᠰᠤᠨ ᠳᠤ ᠳᠤᠷᠠᠰᠤᠭᠳᠠᠬᠤ ᠪᠣᠯᠪᠠ ᠤᠤ?
ᠲᠠ ᠨᠠᠷ ᠤᠨ ᠲᠥᠯᠥᠭᠡ ᠶᠠᠮᠠᠷ ᠴᠤ ᠠᠰᠢᠭ ᠬᠣᠨᠵᠢᠶ᠎ᠠ ᠬᠠᠷᠠᠬᠤ ᠦᠭᠡᠢ ᠵᠥᠪᠬᠡᠨ ᠣᠶᠤᠨ ᠤᠬᠠᠭᠠᠨ ᠢᠶᠠᠷ ᠢᠶᠠᠨ᠂ ᠡᠬᠡ ᠣᠷᠣᠨ ᠤ ᠬᠢ ᠪᠠᠨ ᠲᠥᠯᠥᠭᠡ᠂ ᠰᠤᠷᠴᠤ ᠮᠡᠳᠡᠭᠰᠡᠨ ᠢᠶᠡᠷ ᠢᠶᠡᠨ ᠰᠢᠳᠤᠷᠭᠤ ᠪᠠᠷ ᠲᠡᠮᠡᠴᠡᠶ᠎ᠡ᠃
ᠬᠠᠷᠢᠨ ᠲᠠ ᠨᠠᠷ ᠨᠠᠳᠠ ᠲᠠᠢ ᠬᠠᠮᠲᠤ ᠤᠤ︖
2018.01.08
ᠬᠣᠯᠪᠤᠭᠠᠨ ᠤ ᠪᠦᠭᠦᠳᠡ ᠨᠠᠢᠷᠠᠮᠳᠠᠬᠤ ᠭᠸᠷᠮᠠᠨ ᠤᠯᠤᠰ
ᠠᠤᠭᠰᠪᠦᠦᠭ ᠬᠣᠲᠠ
ᠭᠦᠢᠴᠡᠯᠡᠭ ᠣᠪᠣᠭᠲᠤ ᠨᠠᠴᠤᠭᠳᠣᠷᠵᠢ ᠶᠢᠨ ᠰᠣᠯᠣᠩᠭ᠎ᠠ
3 1