ᠴᠠᠭ ᠴᠠᠭ ᠤᠨ ᠴᠠᠭᠠᠨ ᠰᠠᠷ᠎ᠠ
ᠰᠢᠨ᠎ᠡ ᠴᠠᠭ ᠦᠶ᠎ᠡ ᠶᠢᠨ ᠴᠠᠭᠠᠨ ᠰᠠᠷ᠎ᠠ ᠶᠢᠨ ᠤᠶᠠᠩᠭ᠎ᠠ ᠶᠣᠮᠳᠠᠭ᠃
1030
2022-02-02 22:09
发表于:内蒙古
ᠴᠠᠭ ᠴᠠᠭ ᠤᠨ ᠴᠠᠭᠠᠨ ᠰᠠᠷ᠎ᠠ
︱ ᠪ᠂ ᠷᠢᠨᠴᠢᠨ
ᠣᠳᠣ ᠴᠠᠭ ᠤᠨ
ᠴᠠᠭᠠᠨ ᠰᠠᠷ᠎ᠠ
ᠤᠳᠤᠮ ᠤᠭ ᠲᠠᠢ
ᠤᠵᠠᠭᠤᠷ ᠰᠣᠶᠣᠯ ᠲᠠᠢ᠂
ᠪᠦᠷᠭᠡ ᠠᠰᠠᠷ ᠲᠠᠢ
ᠴᠠᠬᠢᠯᠭᠠᠨ ᠲᠣᠨᠣᠭ ᠲᠠᠢ
ᠪᠦᠲᠦᠨ ᠰᠢᠭᠦᠰᠦ ᠲᠠᠢ
ᠴᠡᠭᠡ ᠠᠢᠷᠠᠭ ᠲᠠᠢ᠂
ᠬᠤᠷᠤᠳ ᠤᠨ ᠲᠠᠪᠠᠭ ᠲᠠᠢ
ᠬᠤᠨᠳᠠᠭ᠎ᠠ ᠬᠡᠮ ᠲᠠᠢ
ᠨᠣᠴᠣᠨ ᠳᠡᠯᠪᠡᠷᠡᠬᠦ
ᠫᠣᠤᠵᠢᠩ ᠤᠨ ᠲᠠᠭᠤ ᠦᠭᠡᠢ ᠂
ᠨᠠᠮ ᠵᠢᠮᠬᠡᠨ
ᠨᠠᠷᠬᠢᠶᠠᠨ ᠲᠠᠢ
ᠨᠠᠭᠠᠳᠤᠮ ᠬᠥᠭᠵᠢᠮ ᠤᠨ
ᠴᠣᠭᠯᠠᠭᠠᠨ ᠲᠠᠢ᠂
ᠦᠷ᠎ᠡ ᠠᠴᠢᠨᠠᠷ ᠤᠨ
ᠢᠨᠢᠶᠡᠳᠦᠮ ᠲᠠᠢ
ᠡᠪᠦᠭᠡ ᠳᠡᠭᠡᠳᠦᠰ ᠤᠨ
ᠥᠭᠭᠢᠶᠡᠮᠦᠷ ᠲᠠᠢ
ᠥᠯᠵᠡᠢ ᠬᠤᠲᠤᠭ ᠲᠠᠢ
ᠴᠠᠭᠠᠨ ᠰᠠᠷ᠎ᠠ︕
ᠰᠢᠨ᠎ᠡ ᠴᠠᠭ ᠤᠨ
ᠴᠠᠭᠠᠨ ᠰᠠᠷ᠎ᠠ
ᠰᠢᠨ᠎ᠡ ᠥᠩᠭᠡ ᠲᠠᠢ
ᠰᠡᠪᠡᠭᠦᠨ ᠠᠮᠢᠰᠬᠤᠯ ᠲᠠᠢ᠂
ᠬᠣᠲᠠ ᠬᠥᠳᠡᠭᠡ ᠶᠢᠨ
ᠬᠤᠷᠳᠤᠴᠠ ᠵᠡᠮ ᠲᠠᠢ
ᠬᠣᠯᠠ ᠣᠢᠷ᠎ᠠ ᠶᠢᠨ
ᠬᠤᠪᠢᠷᠠᠯ ᠬᠥᠭᠵᠢᠯ ᠲᠠᠢ᠂
ᠡᠪᠦᠷ ᠤᠲᠠᠰᠤ ᠶᠢᠨ
ᠥᠭᠡᠳᠡ ᠮᠡᠨᠳᠦ ᠲᠠᠢ
ᠡᠭᠦᠯᠡ ᠶᠢᠨ ᠴᠠᠭᠠᠨ᠎ᠠ
ᠬᠣᠯᠪᠣᠭ᠎ᠠ ᠰᠦᠯᠵᠢᠶ᠎ᠡ ᠲᠠᠢ᠂
ᠳᠡᠷᠢ ᠣᠳᠣᠭ᠎ᠠ ᠶᠢᠨ
ᠮᠠᠨᠠᠨ ᠦᠭᠡᠢ
ᠲᠠᠷᠬᠠᠨ ᠪᠠᠢᠭᠠᠯᠢ
ᠪᠣᠬᠢᠷᠲᠤᠯ ᠦᠭᠡᠢ᠂
ᠰᠠᠶ᠎ᠠ ᠲᠣᠭᠠᠯᠠᠮᠠᠷ
ᠰᠦᠷᠦᠭ ᠲᠠᠢ
ᠰᠠᠭᠤᠯᠠᠭ᠎ᠠ ᠪᠢᠯᠬᠠᠮ᠎ᠠ
ᠰᠠᠭᠠᠯᠢ ᠲᠠᠢ
ᠰᠠᠷ᠎ᠠ ᠰᠢᠨ᠎ᠡ ᠶᠢᠨ
ᠴᠠᠭᠠᠨ ᠰᠠᠷ᠎ᠠ︕
ᠡᠷᠢᠨ ᠴᠠᠭ ᠤᠨ
ᠴᠠᠭᠠᠨ ᠰᠠᠷ᠎ᠠ
ᠭᠠᠯ ᠳᠠᠬᠢᠬᠤ
ᠳᠠᠳᠬᠠᠯ ᠲᠠᠢ
ᠭᠠᠯ ᠰᠡᠷᠬᠡᠢᠢᠯᠡᠬᠦ
ᠵᠠᠷᠯᠢᠭ ᠲᠠᠢ᠂
ᠠᠬᠠᠮᠠᠳ ᠢᠶᠡᠨ ᠬᠦᠨᠳᠦᠯᠡᠬᠦ
ᠰᠤᠷᠭᠠᠯ ᠲᠠᠢ
ᠠᠩᠬ᠎ᠠ ᠨᠢᠯᠬ᠎ᠠ ᠶᠢ ᠬᠠᠢᠷᠠᠯᠠᠬᠤ
ᠬᠦᠮᠦᠵᠢᠯ ᠲᠠᠢ᠂
ᠡᠷᠳᠡᠮ ᠨᠣᠮ ᠳ᠋ᠦ ᠰᠢᠮᠳᠠᠬᠤ
ᠵᠣᠷᠢᠭ ᠲᠠᠢ
ᠡᠷᠢᠯ ᠭᠠᠢᠬᠠᠮᠰᠢᠭ ᠢ ᠡᠷᠬᠢᠮᠨᠡᠬᠦ
ᠬᠦᠰᠡᠯᠡᠩ ᠲᠠᠢ᠂
ᠰᠢᠨᠵᠢᠯᠡᠬᠦ ᠤᠬᠠᠭᠠᠨ ᠳ᠋ᠦ ᠰᠢᠭᠳᠡᠷᠡᠬᠦ
ᠰᠥᠰᠥ ᠲᠠᠢ
ᠰᠢᠯᠢᠳᠡᠭ ᠰᠢᠨ᠎ᠡ ᠶᠢ ᠪᠦᠲᠦᠭᠡᠬᠦ
ᠰᠢᠨᠳᠠᠰᠤ ᠲᠠᠢ᠂
ᠲᠦᠮᠠᠨ ᠤᠯᠠᠨ ᠮᠡᠨᠳᠦᠯᠴᠡᠬᠦ
ᠵᠣᠯᠭᠠᠯᠳᠠ ᠲᠠᠢ
ᠲᠥᠷᠥᠯ ᠰᠠᠳᠤᠨ ᠤᠴᠠᠷᠠᠬᠤ
ᠠᠭᠤᠯᠵᠠᠯᠲᠠ ᠲᠠᠢ᠂
ᠳᠠᠯᠠᠢ ᠦᠨᠳᠦᠰᠦᠲᠡᠨ
ᠪᠦᠯᠬᠦᠮᠳᠡᠯ ᠲᠠᠢ
ᠲᠠᠶᠠᠩ ᠲᠠᠶᠠᠭᠠᠷ
ᠵᠢᠷᠭᠠᠯ ᠲᠠᠢ
ᠰᠢᠨ᠎ᠡ ᠦᠶ᠎ᠡ ᠶᠢᠨ
ᠴᠠᠭᠠᠨ ᠰᠠᠷ᠎ᠠ︕
ᠬᠠᠷ᠎ᠠ ᠪᠠᠷᠰ ᠵᠢᠯ ᠤᠨ ᠰᠢᠨ᠎ᠡ ᠶᠢᠨ ᠬᠣᠶᠠᠷ
2022᠂2·2
35 0