          
     新城区
   2021-11-10 19:54
   2024-03-24 22:57
   68779
   153

ᠭᠦᠬᠡ ᠴᠠᠢ ᠲᠠᠢ ᠢᠳᠡᠬᠡᠰᠢᠭᠰᠡᠨ ᠲᠦᠷᠪᠡᠨ ᠦᠶ᠎ᠡ

ᠬᠠᠷᠠᠬᠠᠨ ᠪᠠᠭ᠎ᠠ ᠠᠴᠠ ᠪᠠᠨ ︵ ᠴᠣᠸᠠᠨ ᠲᠡᠮᠳᠡᠭᠳ᠋ᠦ ︶ ᠬᠡᠪ ᠦᠨ ᠴᠠᠢ ᠲᠠᠢ ᠬᠣᠪᠢ ᠲᠠᠪᠢᠯᠠᠩ ᠲᠠᠶ ᠪᠣᠯᠵᠡᠢ ᠃ ᠡᠨᠡᠭᠦ ᠬᠣᠪᠢ ᠵᠠᠶᠠᠭ᠎ᠠ ᠶᠢ ᠮᠢᠨᠤ ᠡᠮᠡᠬᠡ ᠡᠵᠢ ᠂ ᠮᠢᠨᠤ ᠮᠦᠮᠣ ᠂ ᠮᠢᠨᠤ ᠬᠡᠷᠬᠡᠢ ᠂ ᠮᠢᠨᠤ ᠬᠡᠦᠬᠡᠨ ᠲᠦᠷᠪᠡᠨ ᠦᠶ᠎ᠡ ᠭᠦᠮᠤᠨ ᠠᠴᠠ ᠡᠭᠦᠰᠬᠡᠨ ᠶᠠᠷᠢᠬᠣ ᠪᠣᠯᠣᠨ᠎ᠠ ᠃
        1168     
2022-01-12 14:27    
发表于:内蒙古
︱ ᠯᠢ  ᠴᠸᠨ ᠪ ᠂ ᠷᠢᠨᠴᠢᠨ ᠮᠣᠩᠭᠣᠯᠴᠢᠯᠠᠪᠠ ᠪᠢ ᠡᠨᠡ ᠵᠢᠯ ᠁ ᠨᠠᠰᠣᠳᠠᠢ ᠂ ᠲᠡᠣᠯᠠᠢ ᠲᠠᠢ ᠃ ᠦᠪᠦᠷ ᠮᠣᠨᠭᠭᠣᠯ ᠤᠨ ᠦᠪᠡᠷᠳᠡᠬᠡᠨ ᠵᠠᠰᠠᠬᠣ ᠣᠷᠣᠨ ᠤ ᠬᠡᠰᠢᠭᠳᠡᠨ ᠬᠤᠰᠢᠭᠤᠨ ᠤ ᠨᠣᠮᠢᠨ ᠨᠤᠭᠤᠭᠠᠨ ᠲᠠᠯ᠎ᠠ ᠨᠣᠳᠣᠭ ᠲᠤ ᠣᠰᠤ ᠠᠮᠰᠠᠨ ᠵᠣᠯᠠᠢ ᠰᠢᠷᠣᠢᠳᠠᠵᠤ ᠂ ᠬᠠᠷᠠᠬᠠᠨ ᠪᠠᠭ᠎ᠠ ᠠᠴᠠ ᠪᠠᠨ ︵ ᠴᠣᠸᠠᠨ ᠲᠡᠮᠳᠡᠭᠳ᠋ᠦ ︶ ᠬᠡᠪ ᠦᠨ ᠴᠠᠢ ᠲᠠᠢ ᠬᠣᠪᠢ ᠲᠠᠪᠢᠯᠠᠩ ᠲᠠᠶ ᠪᠣᠯᠵᠡᠢ ᠃ ᠡᠨᠡᠭᠦ ᠬᠣᠪᠢ ᠵᠠᠶᠠᠭ᠎ᠠ ᠶᠢ ᠮᠢᠨᠤ ᠡᠮᠡᠬᠡ ᠡᠵᠢ ᠂ ᠮᠢᠨᠤ ᠮᠦᠮᠣ ᠂ ᠮᠢᠨᠤ ᠬᠡᠷᠬᠡᠢ ᠂ ᠮᠢᠨᠤ ᠬᠡᠦᠬᠡᠨ ᠲᠦᠷᠪᠡᠨ ᠦᠶ᠎ᠡ ᠭᠦᠮᠤᠨ ᠠᠴᠠ ᠡᠭᠦᠰᠬᠡᠨ ᠶᠠᠷᠢᠬᠣ ᠪᠣᠯᠣᠨ᠎ᠠ ᠃ ᠪᠢ ᠮᠡᠳᠡᠬᠡ ᠣᠷᠤᠬᠤ ᠦᠶ᠎ᠡ ᠡᠴᠡ ᠪᠡᠨ ᠡᠮᠡᠬᠡ ᠡᠵᠢ ᠶᠢᠨ ᠢᠶᠡᠨ ᠴᠢᠨᠠᠭᠰᠠᠨ ᠡᠬᠡᠭᠦᠨ ᠴᠠᠢ ᠶᠢ ᠣᠤᠭᠤᠳᠠᠭ ᠪᠠᠢᠭᠰᠠᠨ ᠃ ᠮᠢᠨᠤ ᠬᠡᠷ ᠲᠠᠷᠢᠶᠠᠴᠢᠨ ᠲᠣᠰᠬᠤᠨ ᠳᠤ ᠪᠠᠢᠵᠤ ᠠᠮᠢᠳᠣᠷᠠᠯ ᠲᠡᠢᠮᠦ ᠴᠢᠨᠡᠬᠡᠯᠢᠭ ᠦᠬᠡᠢ ᠂ ᠣᠯᠠᠨ ᠵᠡᠷᠬᠡᠯᠡᠳᠡᠬᠡ ᠠᠢᠯ ᠰᠠᠬᠠᠭᠠᠯᠳᠠ ᠶᠢᠨ ᠬᠢᠨ ᠲᠠᠢ ᠪᠠᠨ ᠠᠳᠠᠯᠢᠬᠠᠨ ᠃ ᠨᠠᠪᠴᠢᠨ ᠴᠠᠢ ᠶᠢᠨ ᠢᠮᠡᠦᠷᠳᠡᠭ ᠢ ᠨᠢ ᠲᠡᠢᠯᠭᠦ ᠦᠬᠡᠢ ᠪᠣᠯᠬᠣ ᠪᠠᠷ ᠶᠡᠷᠣ ᠠᠴᠠ ᠪᠠᠨ ᠣᠤᠭᠤᠳᠠᠭ ᠦᠬᠡᠢ ᠂ ᠬᠡᠪ ᠦᠨ ᠴᠠᠢ ᠪᠠᠨ ᠣᠤᠭᠤᠳᠠᠭ ᠶᠤᠮ ᠃ ᠲᠡᠷᠡ ᠦᠶ᠎ᠡ ᠶᠢᠨ ᠬᠦᠮᠦᠰ ᠬᠡᠪ ᠦᠨ ᠴᠠᠢ ᠠᠴᠠ ᠪᠣᠰᠣᠳ ᠴᠠᠢ ᠶᠢ ᠪᠦᠷ ᠯᠠ ᠣᠯᠠᠮᠵᠢᠯᠠᠯᠳᠣ ᠵᠠᠩᠰᠢᠯ ᠢᠶᠠᠷ ᠢᠶᠠᠨ ︽ ᠨᠠᠪᠴᠢᠨ ᠴᠠᠢ ︾ ᠬᠡᠳᠡᠭ᠌ ᠃ ᠡᠮᠡᠬᠡ ᠡᠵᠢ ᠬᠡᠷ ᠲᠡᠭᠡᠨ ᠴᠠᠢ ᠴᠢᠨᠠᠬᠣ ᠳᠤ ᠪᠠᠨ ᠪᠡᠰᠡᠷᠡᠩᠬᠡᠨ ᠴᠠᠭᠠᠨ ᠱᠠᠭᠠᠵᠢᠩ ᠲᠡᠪᠦᠷ᠎ᠡ ᠬᠡᠷᠡᠭᠯᠡᠳᠡᠭ ᠂ᠮᠠᠨᠣᠰ ᠡᠭᠦᠨ ᠢ ︽ ᠴᠠᠢ ᠴᠢᠨᠠᠬᠣ ᠲᠣᠩᠬᠤ ︾ ᠬᠡᠵᠡᠬᠡᠳᠡᠭ ᠃ ᠡᠮᠡᠬᠡ ᠡᠵᠢ ᠴᠠᠭᠠᠨ ᠱᠠᠭᠠᠵᠢᠩ ᠲᠡᠪᠦᠷ᠎ᠡ ᠳᠦ ᠬᠡᠳᠦᠨ ᠴᠣᠮᠤ ᠪᠣᠴᠠᠯᠤᠭᠰᠠᠨ ᠣᠰᠤ ᠂ ᠬᠣᠶᠠᠷ ᠭᠣᠷᠪᠠᠨ ᠴᠢᠮᠬᠢ ᠨᠦᠳᠦᠭᠰᠡᠨ ᠴᠠᠢ ᠪᠠᠨ ᠬᠢᠵᠣ ᠂ ᠤᠯᠠᠯᠵᠠᠭᠰᠠᠨ ᠭᠠᠯ ᠤᠨ ᠴᠣᠭ ᠲᠤ ᠢᠳᠡᠬᠡᠰᠢᠭᠦᠯᠦᠨ ᠲᠠᠷᠬᠢᠭᠤᠯᠣᠭᠠᠳ ᠣᠤᠭᠤᠳᠠᠭ ᠮᠢᠨᠢ ᠨᠢᠬᠡ ᠬᠡᠷ ᠦᠨ ᠭᠦᠮᠦᠰ ᠦᠨ ᠬᠠᠮᠣᠭ ᠤᠨ ᠶᠡᠬᠡ᠋ ᠵᠣᠷᠢᠭ᠋ ᠰᠠᠨᠠᠭ᠎ᠠ ᠶᠢᠨ ᠭᠦᠷᠳᠡᠬᠡᠯ ᠮᠦᠨ ᠃ ᠮᠢᠨᠤ ᠮᠡᠳᠡᠭᠥ ᠪᠡᠷ ᠂ ᠡᠪᠦᠬᠡ ᠠᠪᠤ ᠡᠪᠦᠯ ᠳᠡᠭᠡᠨ ᠠᠭᠣᠯᠠᠨ ᠳᠤ ᠭᠠᠷᠴᠣ ᠲᠦᠯᠡᠬᠡ ᠴᠠᠪᠴᠢᠵᠣ ᠠᠷᠭᠠᠯ ᠲᠡᠭᠦᠬᠡᠳ ᠬᠡᠷ ᠲᠡᠭᠡᠨ ᠬᠠᠷᠢᠵᠣ ᠢᠷᠡᠬᠦ ᠪᠣᠯᠭᠠᠨ ᠳᠤ ᠲᠠᠭᠦᠨ ᠦ ᠨᠣᠬᠠᠢ ᠶᠢᠨ ᠠᠷᠠᠰᠣᠨ ᠮᠠᠯᠠᠭᠠᠢ ᠂ ᠣᠷᠳᠤ ᠰᠠᠬᠠᠯ ᠨᠢ ᠴᠠᠩᠳᠣᠭᠠᠳ ᠂ ᠴᠠᠭᠠᠨ ᠬᠢᠷᠠᠭᠣ ᠮᠦᠰᠦᠨ ᠴᠦᠪᠦᠷᠦᠭᠦᠰᠦ ᠰᠠᠭᠣᠴᠢᠬᠠᠭᠰᠠᠨ ᠪᠠᠢᠳᠠᠭ ᠃ ᠡᠪᠦᠬᠡ ᠠᠪᠤ ᠶᠢ ᠬᠡᠷ ᠲᠡᠭᠡᠨ ᠬᠠᠷᠢᠵᠣ ᠢᠷᠡᠮᠡᠭᠴᠡ ᠡᠮᠡᠬᠡ ᠡᠵᠢ ᠣᠳᠠᠭ᠎ᠠ ᠪᠣᠯᠭᠠᠨ ᠪᠦᠳᠦᠬᠦᠨ ︽ ᠨᠣᠭᠣᠭᠠᠨ ᠪᠣᠷᠴᠠᠭ ᠤᠨ ᠦᠩᠬᠡᠳᠤ ᠠᠶᠠᠭ᠎ᠠ ︾ ᠳᠦ ᠠᠶᠠᠭᠠᠯᠠᠳᠠᠭ ᠪᠠᠢᠭᠰᠠᠨ ᠃ ᠡᠪᠦᠬᠡ ᠮᠢᠨᠢ ᠠᠭᠣᠷ ᠰᠠᠪᠰᠠᠭᠰᠠᠨ ᠡᠬᠡᠭᠦᠨ ᠴᠠᠢ ᠪᠠᠨ ᠣᠤᠭᠣᠵᠤ ᠂ ᠴᠣᠭ ᠣᠴᠢᠯᠠᠭᠰᠠᠨ ᠰᠢᠷᠦᠮᠡᠨ ᠵᠣᠤᠬᠠᠨ ᠳᠤ ᠪᠠᠨ ᠭᠠᠷ ᠢᠶᠠᠨ ᠡᠬᠡᠬᠡᠨ ᠢᠯᠴᠢ ᠶᠢᠨ ᠲᠦᠯᠦ ᠪᠡᠷ ᠦᠪᠴᠢ ᠪᠡᠶ᠎ᠡ ᠪᠡᠨ ᠲᠣᠯ‍ᠠᠭᠠᠴᠠᠭᠣᠯᠳᠠᠭ ᠪᠢᠯᠡ ᠃ ᠲᠡᠭᠦᠨ ᠡᠴᠡ ᠰᠡᠳᠦᠭᠳᠡᠵᠦ ᠪᠢ ᠂ ᠬᠡᠪ ᠦᠨ ᠴᠠᠢ ᠶᠢ ᠬᠡᠭᠦᠳᠡᠭ ᠴᠡᠬᠡᠵᠢᠨ ᠳᠦ ᠪᠡᠨ ᠬᠠᠳᠠᠭᠠᠯᠠᠨ ᠡᠵᠢ ᠶᠢᠨ ᠰᠥ᠋ ᠰᠢᠭ ᠡᠷᠬᠢᠮᠨᠡᠨ ᠨᠠᠨᠳᠢᠩᠨᠠᠳᠠᠭ ᠶᠤᠮ ᠃ ᠲᠣᠰᠬᠤᠨ ᠤ ᠵᠠᠬ᠎ᠠ ᠵᠡᠷᠬᠡᠯᠡᠳᠡᠬᠡ ᠠᠢᠯ ᠤᠨ ᠬᠢᠨ ᠦ ᠣᠯᠠᠩᠬᠢ ᠨᠢ ᠬᠡᠪ ᠦᠨ ᠴᠠᠢ ᠶᠢ ᠬᠣᠳᠠᠯᠳᠣᠨ ᠠᠪᠬᠤ ᠲᠠᠷ ᠦᠬᠡᠢ ᠪᠣᠴᠠᠯᠤᠭᠰᠠᠨ ᠣᠰᠤ ᠪᠠᠨ ᠯᠠ ᠣᠤᠭᠣᠵᠠᠭᠠᠳᠠᠭ ᠃ ᠮᠠᠨ ᠤ ᠬᠡᠷ ᠦᠨ ᠠᠮᠢᠳᠣᠷᠠᠯ ᠤᠪᠤᠭ᠎ᠠ ᠲᠣᠷᠢᠭᠣᠨ ᠳᠠᠭᠠᠨ ᠣᠷᠤᠨ᠎ᠠ ᠃ ᠲᠡᠬᠡᠭᠦᠯᠡᠷ ᠢᠶᠡᠨ ᠪᠢ ᠵᠣᠵᠠᠭᠠᠯᠢᠭ ᠬᠡᠰᠡᠨ ᠪᠢᠴᠢᠬᠠᠨ ᠨᠠᠢᠵᠢ ᠪᠠᠨ ᠬᠡᠷ ᠲᠡᠭᠡᠨ ᠲᠠᠭᠠᠭᠣᠯᠵᠤ ᠢᠷᠡᠬᠡᠳ ᠡᠮᠡᠬᠡ ᠡᠵᠢ ᠶᠢᠨ ᠴᠢᠨᠠᠭᠰᠠᠨ ᠴᠠᠢ ᠶᠢ ᠣᠤᠭᠣᠵᠠᠭᠠᠭᠠᠳ ᠄ ︽ ᠲᠡᠳᠡᠨᠦᠰ ᠬᠠᠮᠣᠭ ᠤᠨ ᠠᠩᠬ᠎ᠠ ᠣᠳᠠᠭ᠎ᠠ ᠡᠢᠮᠣ ᠰᠢᠮᠡᠯᠢᠭ ᠣᠰᠤ ᠴᠠᠢ ᠣᠤᠭᠣᠵᠤ ᠪᠠᠢᠨ᠎ᠠ ᠂ ᠦᠨᠡᠬᠡᠷ ᠣᠤᠭᠤᠬᠣ ᠳᠤ ᠠᠮᠳᠠᠳᠠᠢ ︕ ︾ ᠬᠡᠵᠤ ᠭᠠᠢᠬᠠᠰᠬᠢᠨ ᠭᠦᠦᠷᠨᠢᠯᠳᠦᠵᠤ ᠠᠨᠳᠠ ᠨᠠᠷ ᠶᠠᠭ ᠯᠠ ︽ ᠠᠮᠳᠠᠰᠢᠭᠰᠠᠨ ᠮᠣᠤᠷ ︾ ᠰᠢᠭ᠋ ᠱᠠᠩᠳᠠᠭᠣᠷᠠᠭᠠᠳ ᠨᠢ ᠮᠢᠨᠤ ᠰᠡᠳᠭᠢᠯ ᠳᠦ ᠬᠡᠳᠦᠢ ᠲᠠᠭᠠᠳᠠᠢ ᠪᠠᠢᠳᠠᠭ ᠢ ᠶᠠᠭᠣ ᠪᠢᠯᠡ ᠃ ᠰᠡᠭᠦᠯᠡᠷ ᠮᠢᠨᠤ ᠬᠡᠷ ᠰᠢᠶᠡᠨ ᠦ ᠵᠡᠬᠡᠯᠢ ᠳᠦ ᠨᠡᠭᠦᠨ ᠰᠠᠭᠣᠷᠢᠰᠢᠵᠣ ᠂ ᠣᠳᠠᠭᠰᠠᠨ ᠴᠣ ᠦᠬᠡᠢ ᠡᠪᠦᠬᠡ ᠠᠪᠤ ᠂ ᠡᠮᠡᠬᠡ ᠡᠵᠢ ᠣᠢᠷ᠎ᠠ ᠣᠢᠷᠠᠬᠠᠨ ᠨᠠᠰᠣᠨ ᠲᠠᠭᠠᠯᠠᠯ ᠪᠣᠯᠣᠭᠰᠠᠨ ᠪᠤᠯᠪᠠᠴᠣ ᠮᠦᠨ ᠯᠠ ᠨᠢᠬᠡ ᠬᠡᠷ ᠢᠶᠡᠷ ᠢᠶᠡᠨ ᠮᠦᠮᠣ ᠶᠢᠨ ᠴᠢᠨᠠᠭᠰᠠᠨ ᠰᠦᠨ ᠲᠠᠯᠬ᠎ᠠ ᠲᠠᠢ ᠴᠠᠢ ᠶᠢ ᠣᠤᠭᠣᠪᠠ ᠃ ᠮᠢᠨᠤ ᠠᠪᠤ ᠶᠢᠨ ᠬᠣᠷᠰᠢᠶᠠᠨ ᠠᠴᠠ ᠠᠪᠴᠢᠷᠠᠭᠰᠠᠨ ᠬᠡᠪ ᠦᠨ ᠴᠠᠢ ᠶᠢ ᠮᠢᠨᠤ ᠮᠦᠮᠣ ᠨᠠᠳᠠᠳᠣ ᠪᠠᠷ ᠨᠦᠳᠦᠭᠦᠯᠳᠡᠭ ᠃ ᠪᠢ ᠂ ᠣᠳᠠᠭ᠎ᠠ ᠪᠦᠷᠢ ᠴᠠᠢ ᠪᠠᠨ ᠬᠡᠮᠬᠡᠴᠢᠵᠦ ᠨᠦᠳᠦᠭᠦ ᠡᠴᠡ ᠪᠡᠨ ᠡᠮᠦᠨ᠎ᠠ ᠬᠡᠪ ᠦᠨ ᠴᠠᠢ ᠲᠡᠬᠡᠷᠡᠬᠢ ︵ ᠁ ︱ ᠴᠤᠸᠠᠨ ︶ ᠬᠡᠰᠡᠨ ᠦᠰᠦᠭ ᠦᠨ ᠭᠣᠷᠪᠠᠨ ᠭᠣᠪᠢᠯ ᠢ ᠡᠷᠡᠬᠡᠢ ᠬᠣᠷᠤᠭᠣ ᠂ ᠲᠣᠮᠳᠠ ᠬᠣᠷᠤᠭᠣ ᠂ ᠴᠢᠭᠴᠢ ᠬᠣᠷᠤᠭᠣ ᠪᠠᠷ ᠢᠶᠠᠨ ᠪᠠᠢᠨ ᠲᠠᠬᠢᠨ ᠨᠢᠳᠦᠷᠦᠨ ᠲᠡᠮᠳᠢᠷᠢᠭᠦ ᠳᠦ ᠲᠣᠢᠯ ᠤᠨ ᠬᠦᠯᠥᠬᠡᠷ ᠲᠣᠰᠤᠷᠠᠭᠣᠨ ᠲᠦᠷᠦᠭᠳᠡᠯ ᠦᠭᠴᠦ ᠠᠨᠠᠪᠠᠳ ᠲᠠᠯᠠᠢ ᠠᠴᠠ ᠭᠦᠨ ᠡᠬᠡ ᠶᠢᠨ ᠬᠠᠢᠷ᠎ᠠ ᠶᠢ ᠰᠠᠨᠠᠭᠳᠠᠭᠣᠯᠳᠠᠭ ᠪᠢᠯᠡ ᠃ ᠶᠡᠷᠦᠳᠡᠬᠡᠨ ᠪᠠᠭ᠎ᠠ ᠰᠦᠬᠡ ᠂ ᠱᠣᠷᠠᠭ ᠦᠵᠦᠭᠦᠷᠳᠦ ᠬᠢᠳᠣᠭ᠎ᠠ ᠬᠡᠷᠡᠭᠯᠡᠨ ᠂ ᠬᠡᠪ ᠦᠨ ᠴᠠᠢ ᠪᠠᠨ ᠬᠠᠭᠠᠯᠵᠤ ᠲᠠᠯᠠᠭᠠᠳ ᠯᠣᠩᠬᠤ ᠪᠣᠶᠤ ᠪᠣᠳᠤᠩ ᠳᠤ ᠰᠠᠪᠠᠯᠠᠨ ᠠᠪᠴᠣ ᠴᠠᠢ ᠴᠢᠨᠠᠬᠣ ᠳᠠᠭᠠᠨ ᠪᠡᠯᠡᠨ ᠪᠣᠯᠭᠠᠳᠠᠭ ᠃ ᠮᠢᠨᠤ ᠮᠦᠮᠣ ᠴᠠᠢ ᠴᠢᠨᠠᠬᠣ ᠳᠤ ᠪᠠᠨ ᠦᠷᠭᠦᠢ ᠰᠢᠳᠡᠭᠰᠡᠨ ᠱᠠ ᠪᠦᠰᠡᠳᠦ ᠰᠢᠭᠣᠳᠠᠢ ᠲᠣᠳᠣᠷ᠎ᠠ ᠪᠠᠨ ᠨᠦᠳᠦᠭᠰᠡᠨ ᠴᠠᠢ ᠪᠠᠨ ᠪᠣᠴᠠᠯᠭᠠᠨ ᠢᠳᠡᠰᠢᠭᠦᠯᠳᠡᠭ ᠃ ᠮᠦᠮᠣ ᠬᠡᠯᠡᠭᠦ ᠪᠡᠷ ᠂ ᠱᠠ ᠪᠦᠰᠡᠳᠦ ᠵᠢᠭᠠᠬᠠᠨ ᠰᠢᠭᠣᠳᠠᠢ ᠳᠤ ᠴᠢᠨᠠᠭᠰᠠᠨ ᠴᠠᠢ ᠪᠣᠯ ᠴᠠᠢ ᠳ᠋ᠣᠨᠢ ᠰᠢᠯᠪᠢ ᠰᠢᠭᠠᠷᠠᠤ ᠣᠷᠤᠳᠠᠭ ᠦᠬᠡᠢ ᠃ ᠪᠠᠰᠠ ᠨᠢᠬᠡ ᠣᠳᠠᠭ᠎ᠠ ᠴᠢᠨᠠᠵᠤ ᠣᠤᠭᠤᠨ᠎ᠠ ᠃ ᠬᠠᠷᠢᠨ ᠬᠡᠰᠡᠭ ᠪᠣᠰᠠᠭ ᠬᠡᠯᠳᠡᠷᠬᠡᠢ ᠪᠡᠷ ᠴᠢᠨᠠᠭᠰᠠᠨ ᠴᠠᠢ ᠰᠢᠭ᠋ ᠪᠦᠷᠢᠯᠬᠡᠨ ᠰᠦᠢᠳᠬᠡᠭᠳᠡᠭᠦ ᠦᠬᠡᠢ ᠬᠡᠳᠡᠭ᠌ ᠃ ᠮᠢᠨᠤ ᠮᠦᠮᠣ ᠬᠡᠵᠢᠶᠡᠳᠡ ᠪᠡᠨ ᠨᠠᠳᠠᠳᠣ ᠪᠠᠷ ᠰᠦᠨ ᠲᠠᠯᠬ᠎ᠠ ᠪᠠᠷ ᠴᠠᠢ ᠰᠦᠯᠡᠭᠦᠯᠳᠡᠭ ᠂ ᠮᠦᠮᠣ ᠶᠢᠨ ᠶᠠᠷᠢᠬᠣ ᠪᠠᠷ ᠂ ᠲᠡᠷᠡ ᠶᠠᠮᠠᠷ ᠠᠵᠢᠯ ᠬᠢᠬᠦ ᠳᠡᠭᠡᠨ ᠴᠣ ᠲᠣᠩ ᠨᠠᠷᠢᠯᠢᠭ ᠂ ᠲᠡᠭᠦᠨ ᠦ ᠰᠦᠯᠡᠭᠰᠡᠨ ᠴᠠᠢ ᠶᠢᠨ ᠰᠦᠨ ᠲᠠᠯᠬ᠎ᠠ ᠨᠢ ᠬᠦᠷᠳᠡᠯ᠎ᠠ ᠵᠢᠭᠠᠬᠠᠨ ᠴᠣ ᠪᠣᠷᠵᠢᠩᠰᠡᠨ ᠡᠬᠡᠳᠡᠭᠦ ᠦᠬᠡᠢ ᠰᠢᠣ ᠬᠡᠮᠡᠳᠡᠭ ᠃ ᠨᠡᠬᠡᠷᠡᠨ ᠦᠷᠯᠦᠬᠡ ᠪᠦᠷᠢ ᠶᠢᠨ ᠴᠠᠢᠯᠠᠯᠭ᠎ᠠ ᠪᠤᠯᠪᠠᠯ ᠨᠢᠬᠡ ᠬᠡᠷ ᠢᠶᠡᠷ ᠢᠶᠡᠨ ᠲᠣᠭᠤᠷᠢᠨ ᠰᠠᠭᠣᠭᠠᠳ ᠮᠦᠮᠣ ᠶᠢᠨ ᠢᠶᠡᠨ ᠴᠢᠨᠠᠭᠰᠠᠨ ᠴᠠᠢ ᠶᠢ ᠣᠤᠭᠤᠵᠠᠭᠠᠵᠤ ︔ ᠲᠡᠭᠦᠨ ᠦ ᠬᠠᠩᠨᠠᠭᠰᠠᠨ ᠪᠣᠤᠪᠤ ᠶᠢ ᠢᠳᠡᠵᠣ ᠂ ᠲᠠᠪᠤᠰᠣᠯᠠᠵᠤ ᠬᠠᠳᠠᠭᠠᠭᠰᠠᠨ ᠬᠠᠭᠣᠷᠠᠢ ᠨᠣᠭᠤᠭ᠎ᠠ ᠶᠢ ᠵᠣᠭᠤᠭᠯᠠᠬᠤ ᠳᠤ ᠡᠨᠡ ᠲᠡᠯᠡᠬᠡᠢ ᠳᠦ ᠬᠠᠮᠣᠭ ᠤᠨ ᠵᠣᠯ ᠲᠠᠢ ᠭᠦᠮᠤᠨ ᠨᠢ ᠮᠠᠨᠣᠰ ᠬᠡᠮᠡᠷ ᠪᠣᠳᠣᠭᠳᠠᠭᠣᠯᠳᠠᠭ ᠃ ᠮᠦᠮᠣ ᠂ ᠦᠷᠯᠦᠬᠡ ᠶᠢᠨ ᠣᠤᠭᠤᠭᠠᠳ ᠦᠯᠡᠳᠡᠭᠰᠡᠨ ᠰᠥ᠋ ᠲᠠᠢ ᠴᠠᠢ ᠶᠢ ᠲᠠᠪᠤᠷ᠎ᠠ ᠳᠤ ᠪᠠᠨ ᠬᠡᠵᠢᠶᠡᠳᠡ ᠪᠡᠨ ᠬᠠᠯᠠᠭᠤᠨ ᠪᠠᠢᠯᠭᠠᠳᠠᠭ ᠃ ᠮᠠᠨ ᠤ ᠡᠬᠡᠴᠢ ᠲᠡᠭᠦᠦ ᠬᠡᠳᠦᠭᠦᠯᠡ ᠰᠣᠷᠭᠠᠭᠣᠯᠢ ᠠᠴᠠ ᠪᠠᠨ ᠬᠠᠷᠢᠵᠣ ᠢᠷᠡᠬᠡᠳ ᠂ ᠠᠶᠠᠭ᠎ᠠ ᠠᠶᠠᠭ᠎ᠠ ᠪᠠᠷ ᠠᠭᠣᠷ ᠨᠢ ᠰᠠᠪᠰᠠᠭᠰᠠᠨ ᠰᠥ᠋ ᠲᠠᠢ ᠴᠠᠢ ᠪᠠᠨ ᠣᠤᠭᠣᠪᠠᠯ ᠶᠠᠭ ᠯᠠ ᠠᠯᠵᠢᠶᠠᠯ ᠵᠦᠳᠡᠷᠡᠯ ᠣᠢᠳᠬᠠᠷᠠᠯ ᠣᠨᠳᠣᠭᠣᠷᠠᠯ ᠢ ᠲᠠᠢᠯᠠᠬᠤ ᠡᠷᠳᠡᠨᠢ ᠶᠢᠨ ᠡᠮ ᠬᠡᠵᠤ ᠮᠡᠳᠡ ᠃ 1979 ᠤᠨ ᠳᠤ ᠪᠢ ᠂ ᠲᠣᠮᠳᠠᠳᠤ ᠰᠣᠷᠭᠠᠭᠣᠯᠢ ᠪᠠᠨ ᠲᠡᠭᠦᠰᠴᠤ ᠲᠣᠰᠬᠠᠢ ᠮᠡᠷᠬᠡᠵᠢᠯ ᠦᠨ ᠰᠣᠷᠭᠠᠭᠣᠯᠢ ᠳᠤ ᠰᠢᠯᠭᠠᠵᠤ ᠣᠷᠤᠭᠠᠳ ᠂ ᠦᠪᠡᠷᠳ ᠲᠦᠷᠦᠭᠰᠡᠨ ᠠᠬ᠎ᠠ ᠳᠡᠭᠦᠦ ᠦᠬᠡᠷ᠎ᠡ ᠦᠬᠡᠢ ᠶᠠᠪᠤᠯᠴᠠᠭᠰᠠᠨ ᠭᠣᠷᠪᠠᠨ ᠬᠠᠮᠳᠣ ᠰᠣᠷᠣᠭᠴᠢ ᠪᠠᠷ ᠢᠶᠠᠨ ᠭᠦᠷᠬᠡᠭᠦᠯᠭᠦ ᠪᠡᠷ ᠪᠣᠯᠪᠠ ᠃ ᠲᠡᠷᠡ ᠦᠶ᠎ᠡ ᠳᠦ ᠂ ᠰᠢᠶᠡᠨ ᠦ ᠵᠡᠬᠡᠯᠢ ᠳᠦ ᠵᠦᠪᠬᠢᠨ ᠣᠯᠤᠰ ᠤᠨ ᠡᠵᠡᠩᠨᠡᠯᠳᠡ ᠶᠢᠨ ᠬᠡᠳᠦᠬᠡᠨ ᠬᠣᠭᠤᠯᠠᠨ ᠬᠡᠷ ᠲᠠᠢ ᠃ ᠲᠡᠭᠦᠨ ᠦ ᠨᠢᠬᠡ ᠨᠢ ︽ ᠦᠨᠳᠦᠰᠦᠳᠡᠨ ᠦ ᠴᠠᠢ ᠶᠢᠨ ᠮᠣᠬᠤᠯᠠᠭ ︾ ᠬᠡᠳᠡᠭ᠌ ᠃ ᠮᠠᠨ ᠤ ᠬᠡᠳᠦᠭᠦᠯᠡ ᠪᠦᠷ ᠯᠠ ︽ ᠶᠠᠳᠠᠭᠤ ᠰᠣᠷᠣᠭᠴᠢ ︾ ᠶᠤᠮ ᠴᠢᠨᠢ ᠳ᠋ᠠ ᠮᠦᠨ ︽ ᠦᠨᠳᠦᠰᠦᠳᠡᠨ ᠦ ᠴᠠᠢ ᠶᠢᠨ ᠮᠣᠬᠤᠯᠠᠭ ︾ ᠲᠡᠭᠡᠨ ᠬᠦᠷᠴᠦ ᠬᠦᠮᠣᠨ ᠪᠦᠷᠢ ᠨᠢᠬᠡ ᠲᠡᠪᠦᠷ᠎ᠡ ᠴᠠᠢ ᠂ ᠲᠦᠷᠪᠡᠨ ᠬᠠᠩᠨᠠᠭᠰᠠᠨ ᠪᠣᠤᠪᠤ ᠂ ᠵᠢᠭᠠᠬᠠᠨ ᠫᠢᠯᠠ ᠳᠤ ᠲᠠᠪᠣᠰᠣᠯᠠᠭᠰᠠᠨ ᠬᠠᠭᠣᠷᠠᠢ ᠨᠣᠭᠤᠭ᠎ᠠ ᠠᠪᠤᠯ᠎ᠠ ᠃ ᠭᠠᠯ ᠤᠨ ᠠᠬ᠎ᠠ ᠠᠴᠠ ᠠᠷᠢᠬᠢᠨ ᠤ ᠢᠷᠦᠬᠡᠯ ᠦᠨ ᠦᠭᠡ ᠶᠠᠷᠢᠬᠣ ᠳᠤ ᠪᠠᠨ ᠄ ︽ ᠠᠷᠣᠤᠷ᠎ᠠ ᠴᠠᠢ ᠪᠠᠷ ᠲᠡᠬᠡᠵᠢᠯᠡᠵᠦ ᠂ ᠮᠠᠨ ᠤ ᠰᠠᠢᠨ ᠠᠬ᠎ᠠ ᠳᠡᠭᠦᠦ ᠨᠠᠷ ᠤᠨ ᠠᠮᠵᠢᠯᠳᠠ ᠦᠨᠳᠦᠷ ᠰᠣᠷᠤᠯᠭ᠎ᠠ ᠶᠢᠨ ᠬᠢᠷᠢ ᠪᠦᠳᠦᠮᠵᠢ ᠶᠢ ᠬᠠᠮᠳᠣᠪᠠᠷ ᠪᠡᠯᠬᠡᠳᠡᠵᠣ ᠂ ᠠᠯᠣᠰ ᠢᠷᠡᠬᠡᠳᠦᠢ ᠶᠢᠨ ᠢᠷᠠᠭᠤ ᠦᠢᠯᠡᠰ ᠢ ᠵᠦᠩᠨᠡᠨ ᠢᠷᠦᠬᠡᠶ᠎ᠡ ︕ ︾ ᠬᠡᠳ ᠲᠦᠷᠪᠡᠭᠦᠯᠡ ᠪᠡᠨ ᠠᠩᠬᠢᠭᠤᠯᠤᠨ ᠦᠨᠦᠷᠳᠦ ᠰᠥ᠋ ᠲᠠᠢ ᠴᠠᠢ ᠪᠠᠨ ᠡᠷᠭᠦᠵᠦ ︽ ᠲᠦᠷᠪᠡᠭᠦᠯᠡ ᠪᠡᠨ ᠬᠣᠨᠳᠠᠭ᠎ᠠ ᠮᠦᠷᠭᠦᠯᠦᠶ᠎ᠡ ︾ ᠬᠡᠰᠡᠨ ᠨᠢ ᠮᠢᠨᠤ ᠰᠡᠳᠭᠢᠯ ᠦᠨ ᠭᠦᠪᠴᠢ ᠶᠢ ᠴᠢᠪᠬᠠᠳᠠᠨ ᠨᠠᠳᠠᠳᠣ ᠳᠤ ᠬᠡᠴᠢᠨᠡᠨ ᠶᠡᠬᠡ᠋ ᠪᠠᠶᠠᠷ ᠵᠢᠷᠭᠠᠯ ᠤᠯᠭᠣᠭᠰᠠᠨ ᠢ ᠶᠠᠭᠣᠨ ᠬᠡᠯᠡᠭᠦ ᠪᠣᠢ ᠃ ᠪᠢ ᠂ ᠠᠵᠢᠯ ᠳᠤ ᠣᠷᠤᠭᠰᠠᠨ ᠤ ᠲᠠᠷᠠᠭ᠎ᠠ ᠭᠣᠶᠤ ᠭᠣᠶᠤ ᠠᠰᠠᠷ ᠲᠠᠭᠳᠤ ᠨᠤᠭᠤᠳ ᠤᠨ ᠦᠨᠳᠦᠷ ᠲᠠᠢᠯᠠᠯᠭ᠎ᠠ ᠂ ᠦᠷᠬᠡᠨ ᠵᠠᠯᠠᠯᠭ᠎ᠠ ᠳᠤ ᠲᠣᠭ᠎ᠠ ᠦᠬᠡᠢ ᠣᠯᠠᠨ ᠨᠠᠷᠬᠢᠭᠰᠠᠨ ᠴᠣ ᠲᠡᠷᠡ ᠣᠳᠠᠭ᠎ᠠ ᠶᠢᠨ ᠮᠠᠨ ᠤ ᠲᠦᠷᠪᠡᠨ ᠬᠠᠮᠳᠤ ᠰᠤᠷᠤᠭᠴᠢ ᠶᠢᠨ ᠬᠠᠢᠷ᠎ᠠ ᠰᠡᠳᠬᠢᠯᠭᠡ ᠪᠢᠯᠬᠠᠭᠰᠠᠨ ᠴᠠᠢ ᠪᠠᠷ ᠠᠷᠢᠬᠢ ᠶᠢ ᠣᠷᠣᠯᠠᠭᠣᠯᠣᠭᠰᠠᠨ ᠬᠤᠪᠢᠳᠤ ᠦᠳᠡᠯᠳᠡ ᠶᠢᠨ ︽ ᠬᠤᠨᠳᠠᠭ᠎ᠠ ᠡᠷᠭᠦᠯᠳᠡ ︾ ᠮᠢᠨᠤ ᠨᠠᠰᠣᠨ ᠲᠣᠷᠰᠢᠳᠠ ᠮᠠᠷᠳᠠᠭᠳᠠᠰᠢ ᠦᠬᠡᠢ ᠶᠣᠮᠰᠠᠨ ᠃ ᠪᠢ ᠂ ᠲᠣᠰᠬᠠᠢ ᠮᠡᠷᠬᠡᠵᠢᠯ ᠦᠨ ᠰᠣᠷᠭᠠᠭᠣᠯᠢ ᠪᠠᠨ ᠲᠡᠭᠦᠰᠦᠬᠡᠳ ᠰᠢᠶᠡᠨ ᠳᠦ ᠠᠵᠢᠯᠯᠠᠵᠠᠢ ᠃ ᠡᠨᠡ ᠰᠢᠶᠡᠨ ᠪᠤᠯ ᠬᠢᠳᠡᠳ ᠮᠣᠨᠭᠭᠣᠯ ᠦᠨᠳᠦᠰᠦᠳᠡᠨ ᠬᠠᠮᠳᠣᠷᠠᠨ ᠰᠠᠭᠣᠷᠢᠰᠢᠭᠰᠠᠨ ᠵᠠᠳᠠᠭᠠᠢᠯᠢᠭ ᠪᠠᠭ᠎ᠠ ᠵᠡᠬᠡᠯᠢ ᠪᠠᠯᠭᠠᠰᠣ ᠪᠤᠯᠣᠨ᠎ᠠ ᠃ ᠪᠢ ᠪᠣᠯ ᠬᠢᠳᠡᠳ ᠦᠨᠳᠦᠰᠦᠳᠡᠨ ᠂ ᠮᠣᠨᠭᠭᠣᠯ ᠬᠡᠷᠬᠡᠢ ᠪᠠᠭᠤᠯᠭᠠᠭᠰᠠᠨ ᠭᠦᠮᠤᠨ ᠪᠣᠯᠬᠣ ᠪᠠᠷ ᠢᠶᠠᠨ ᠠᠶᠠᠨᠳᠠᠭᠠᠨ ᠰᠥ᠋ ᠲᠠᠢ ᠴᠠᠢ ᠮᠢᠨᠤ ᠮᠦᠩᠬᠡ ᠶᠢᠨ ᠲᠡᠪᠢᠯᠠᠩ ᠪᠣᠯᠪᠠ ᠃ ᠲᠡᠷᠡ ᠵᠢᠯ ᠨᠢ ᠮᠢᠨᠤ ᠬᠡᠷᠬᠡᠢ ᠶᠢᠨ ᠬᠣᠶᠠᠳᠣᠭᠠᠷ ᠡᠬᠡᠴᠢ ᠰᠡᠬᠡᠬᠡᠳᠡᠨ ᠵᠠᠯᠠᠭᠣᠴᠣᠳ ᠤᠨ ᠭᠦᠳᠡᠬᠡ ᠪᠠᠭᠣᠬᠤ ᠳᠤ ᠣᠷᠣᠯᠴᠠᠵᠤ ᠂ ᠴᠣᠯᠤ ᠮᠠᠯᠵᠢᠬᠤ ᠣᠷᠤᠨ ᠤ ᠲᠠᠯᠠᠢᠨᠠᠭᠣᠷ ᠭᠦᠩᠰᠸ ᠳᠦ ᠰᠡᠬᠡᠬᠡᠳᠡᠨ ᠢᠶᠡᠷ ᠣᠴᠢᠭᠠᠳ ᠂ ᠮᠠᠯᠴᠢᠳ ᠠᠴᠠ ᠴᠠᠢ ᠴᠢᠨᠠᠬᠣ ᠪᠠᠠ ᠰᠠᠭᠠᠭᠰᠠᠨ ᠰᠥ᠋ ᠪᠡᠷ ᠰᠦᠯᠡᠬᠦ ᠮᠣᠨᠭᠭᠣᠯ ᠵᠣᠷ ᠰᠣᠷᠴᠤ ᠂ ᠬᠦᠳᠡᠭᠡ ᠶᠢᠨ ᠮᠠᠯᠴᠢᠳ ᠡᠷᠳᠡ ᠲᠡᠬᠡᠳᠦ ᠡᠴᠡ ᠪᠡᠨ ᠬᠦᠬᠡ ᠴᠠᠢ ᠣᠤᠭᠣᠬᠤ ᠲᠠᠳᠬᠠᠯ ᠢᠶᠠᠨ ᠲᠠᠬᠢᠨ ᠣᠯᠠᠮᠵᠢᠯᠠᠪᠠ ᠃ ᠬᠣᠶᠠᠳᠣᠭᠠᠷ ᠡᠬᠡᠴᠢ ᠬᠡᠪ ᠦᠨ ᠴᠠᠢ ᠪᠠᠨ ᠨᠦᠳᠦᠵᠦ ᠰᠠᠪᠠᠯᠠᠭᠠᠳ ᠤᠳᠠᠭ᠎ᠠ ᠪᠣᠯᠭᠠᠨ ᠪᠦᠳᠦᠬᠦᠨ ᠰᠢᠷᠡᠮᠤᠨ ᠲᠣᠭᠤᠭᠠᠨ ᠳᠤ ᠣᠭᠤᠳᠠ ᠲᠠᠶ ᠨᠢ ᠣᠳᠠᠭᠠᠨ ᠰᠢᠭ᠋ ᠴᠢᠨᠠᠵᠤ ᠂ ᠡᠷᠬᠢᠬᠡᠳ ᠴᠠᠢ ᠪᠠᠨ ᠪᠣᠳᠤᠩ ᠳᠤ ᠣᠳᠤᠯᠠᠭᠠᠳ ᠰᠢᠭᠠᠷᠠᠤ ᠶᠢ ᠨᠢ ᠲᠣᠩᠭᠠᠭᠠᠨ ᠂ ᠲᠡᠪᠦᠷ᠎ᠡ ᠳᠦ ᠪᠡᠨ ᠣᠭᠤᠳᠠ ᠲᠠᠶ ᠦᠨᠢᠶᠡ ᠰᠥ᠋ ᠪᠡᠨ ᠬᠢᠬᠡᠳ ᠲᠣᠩᠭᠠᠭᠠᠭᠰᠠᠨ ᠴᠠᠢ ᠲᠠᠢ ᠪᠠᠨ ᠣᠰᠤ ᠪᠠᠨ ᠨᠡᠷᠡᠵᠦ ᠂ ᠬᠡᠳᠦᠨᠳᠡ ᠰᠠᠮᠣᠷᠤᠨ ᠰᠦᠯᠡᠳᠡᠭ ᠃ ᠠᠷᠭᠠᠯ ᠤᠨ ᠵᠦᠬᠡᠯᠡᠨ ᠭᠠᠯ ᠢᠶᠠᠷ ᠴᠢᠨᠠᠨ ᠢᠳᠡᠬᠡᠰᠢᠭᠦᠯᠦᠭᠰᠡᠨ ᠡᠢᠮᠣ ᠰᠥ᠋ ᠲᠠᠢ ᠴᠠᠢ ᠶᠢᠨ ᠦᠨᠦᠷ ᠂ ᠲᠠᠯ᠎ᠠ ᠨᠣᠳᠣᠭ ᠲᠤ ᠰᠠᠯᠬᠢᠨ ᠤ ᠠᠶ᠎ᠠ ᠪᠠᠷ ᠰᠡᠩᠬᠢᠨ᠎ᠡ ᠃ ᠰᠦᠨ ᠲᠠᠯᠠᠢ ᠮᠡᠳᠣ ᠰᠥ᠋ ᠲᠠᠢ ᠴᠠᠢ ᠶᠢᠨ ᠰᠢᠮ᠎ᠡ ᠲᠡᠵᠢᠬᠡᠯ ᠣᠤᠭᠤᠬᠤ ᠲᠣᠰᠤᠮ ᠰᠦᠯᠢᠭ ᠠᠮᠳᠠᠭᠳᠠᠵᠣ ᠪᠠᠢᠳᠠᠭ ᠄ ᠭᠦᠶ᠋ᠢ ︕ ᠬᠣᠭᠤᠷᠳᠠᠬᠣ ᠨᠢ ᠮᠤᠷᠢᠨ ᠬᠣᠭᠤᠷ ᠂ ᠲᠠᠭᠣᠯᠠᠬᠤ ᠨᠢ ᠣᠷᠳᠤ ᠶᠢᠨ ᠲᠠᠭᠣᠤ ᠂ ᠰᠠᠷᠬᠣᠳᠬᠤ ᠨᠢ ᠰᠠᠭᠠᠯᠢ ᠶᠢᠨ ᠠᠷᠢᠬᠢ ᠂ ᠣᠤᠭᠤᠬᠣ ᠨᠢ ᠰᠥ᠋ ᠲᠠᠢ ᠴᠠᠢ ᠰᠢᠳᠡ ᠁ ᠡᠬᠡᠭᠦᠯᠦᠨ ᠪᠤᠳᠣᠪᠠᠯ ᠂ ᠪᠣᠭᠳᠠ ᠴᠢᠩᠬᠢᠰ ᠦᠨ ᠲᠠᠩᠰᠣᠭ ᠮᠣᠨᠭᠭᠣᠯ ᠢᠳᠡᠬᠡᠨ ᠂ ᠪᠣᠰᠣᠳ ᠦᠨᠳᠦᠰᠦᠳᠡᠨ ᠶᠠᠰᠣᠳᠠᠨ ᠠᠴᠠ ᠤᠨᠴᠠᠯᠢᠭᠳᠠᠭᠰᠠᠨ ᠲᠠᠶᠠᠭᠠᠷ ᠮᠣᠩᠭᠣᠯᠴᠣᠳ ᠤᠨ ᠡᠷᠬᠢᠮ ᠪᠠᠶᠠᠨ ᠠᠮᠢᠳᠣᠷᠠᠯ ᠬᠡᠯᠳᠠᠢ ᠃ ᠮᠠᠨ ᠤ ᠬᠡᠷᠬᠡᠢ ᠡᠬᠡᠴᠢ ᠲᠡᠭᠦᠦ ᠬᠡᠳᠦᠭᠦᠯᠡ ᠶᠢᠨ ᠢᠶᠡᠨ ᠭᠣᠷᠪᠠᠳᠣᠭᠠᠷ ᠨᠢ ᠃ ᠬᠣᠶᠠᠳᠣᠭᠠᠷ ᠡᠬᠡᠴᠢ ᠶᠦᠭᠡᠨ ᠰᠥ᠋ ᠲᠠᠢ ᠴᠠᠢ ᠴᠢᠨᠠᠬᠣ ᠣᠷ᠎ᠠ ᠲᠡᠮ ᠢ ᠠᠪᠴᠣ ᠂ ᠬᠣᠷᠢᠮᠯᠠᠭᠰᠠᠨ ᠶᠤᠭᠠᠨ ᠲᠠᠷᠠᠭ᠎ᠠ ᠦᠷᠯᠦᠬᠡ ᠡᠷᠳᠡᠬᠡᠨ ᠪᠣᠰᠣᠮᠠᠭᠴᠠ ᠪᠠᠨ ᠴᠠᠢ ᠴᠢᠨᠠᠵᠤ ᠪᠣᠳᠠᠭ᠎ᠠ ᠣᠷᠬᠢᠭᠰᠠᠨ ᠰᠥ᠋ ᠲᠠᠢ ᠴᠠᠢ ᠣᠤᠭᠣᠬᠰᠠᠨ ᠶᠤᠮᠳᠠᠭ ᠃ ᠬᠡᠷ ᠦᠨ ᠴᠢᠮᠡᠭ ᠬᠡᠷᠬᠡᠢ ᠶᠢᠨ ᠮᠢᠨᠢ ᠬᠠᠭᠣᠷᠠᠢ ᠪᠣᠳᠠᠭ᠎ᠠ ᠪᠢᠰᠢ ᠪᠤᠯ ᠲᠦᠭᠦᠬᠡᠢ ᠪᠣᠳᠠᠭ᠎ᠠ ᠶᠢ ᠰᠢᠷ᠎ᠠ ᠲᠣᠰᠤ ᠲᠠᠶ ᠬᠠᠭᠣᠷᠣᠨ ᠴᠡᠴᠡᠭᠯᠡᠭᠦᠯᠦᠭᠰᠡᠨ ᠲᠡᠷᠡ ᠭᠦ ᠪᠣᠳᠠᠭ᠎ᠠ ᠣᠷᠬᠢᠭᠰᠠᠨ ᠴᠠᠢ ᠶᠢᠨ ᠦᠨᠦᠷ ᠠᠭᠣᠷ ᠨᠢ ᠦᠷᠦᠬᠡ ᠲᠦᠭᠦᠷᠠᠩ ᠰᠠᠪᠰᠠᠯᠠᠳᠠᠭ ᠰᠠᠨ ᠃ ᠣᠴᠢᠷᠯᠠᠬᠤᠶ᠎ᠠ ᠂ ᠶᠡᠬᠡ᠋ ᠪᠠᠭ᠎ᠠ ᠭᠦᠮᠤᠨ ᠳᠤ ᠠᠶᠠᠭᠠᠯᠠᠭᠰᠠᠨ ᠪᠣᠳᠠᠭ᠎ᠠ ᠣᠷᠬᠢᠭᠰᠠᠨ ᠴᠠᠢ ᠶᠤᠭᠠᠨ ᠬᠣᠳᠠᠯᠳᠣᠭ᠎ᠠ ᠶᠢᠨ ᠬᠠᠪᠳᠠᠭ᠎ᠠ ᠲᠠᠶ ᠦᠨᠢᠶᠡᠨ ᠰᠥ᠋ ᠨᠠᠢᠷᠠᠨ ᠂ ᠰᠢᠷ᠎ᠠ ᠲᠣᠰᠤ ᠂ ᠬᠣᠷᠣᠳ ᠠᠠᠭᠠᠷᠣᠤᠯ ᠂ ᠬᠠᠪᠳᠠᠭᠠᠢ ᠦᠷᠦᠮ᠎ᠡ ᠭᠦᠪᠪᠦᠬᠦᠯᠵᠦ ᠂ ᠴᠠᠭ᠎ᠠ ᠢᠳᠡᠬᠡᠨ ᠦᠷᠦᠯᠡᠭᠰᠡᠨ ᠴᠠᠢᠯᠠᠯᠭ᠎ᠠ ᠶᠢᠨ ᠵᠤᠢᠷᠯᠡᠰᠢ ᠦᠬᠡᠢ ᠰᠢᠮ᠎ᠡ ᠶᠢ ᠣᠮᠳᠠᠯᠠᠭᠠᠳ ᠪᠠᠷᠠᠬᠣ ᠦᠬᠡᠢ ᠪᠠᠢᠳᠠᠭ ᠃ ᠬᠡᠷᠪᠡ ᠲᠦᠷᠦᠭᠦᠦ ᠡᠳᠦᠷ ᠨᠢ ᠠᠷᠢᠬᠢ ᠣᠤᠭᠣᠭᠠᠳ ᠰᠢᠷ᠎ᠠ ᠦᠨᠳᠦᠷ ᠪᠣᠯ ᠂ ᠲᠠᠷᠠᠭ᠎ᠠ ᠦᠷᠯᠦᠬᠡ ᠶᠢᠨ ᠡᠨᠡ ᠨᠢᠬᠡ ᠡᠷᠡᠮ ᠪᠣᠳᠠᠭ᠎ᠠ ᠣᠷᠬᠢᠭᠰᠠᠨ ᠴᠠᠢ ᠶᠢ ᠣᠤᠭᠣᠪᠠᠯ ᠠᠷᠢᠬᠢᠨ ᠰᠢᠷ᠎ᠠ ᠶᠢ ᠲ‍ᠠᠢᠯᠬᠤ ᠨᠢ ᠠᠯᠠᠮᠠᠷ ᠡ ᠃ ᠬᠡᠷ ᠲᠦ ᠬᠡᠢᠴᠢᠳ ᠢᠷᠡᠭᠰᠡᠬᠡᠷ ᠬᠡᠷᠬᠡᠢ ᠮᠢᠨᠢ ᠂ ᠰᠣᠷᠤᠭᠰᠠᠨ ᠵᠠᠩ ᠢᠶᠠᠷ ᠢᠶᠠᠨ ᠰᠢᠷᠡᠭᠡᠨ ᠳᠦ ᠠᠷᠢᠬᠢ ᠨᠣᠭᠤᠭ᠎ᠠ ᠭᠠᠷᠭᠠᠬᠤ ᠠᠴᠠ ᠡᠮᠦᠨ᠎ᠠ ᠂ ᠴᠠᠢ ᠪᠠᠨ ᠴᠢᠨᠠᠵᠤ ᠰᠦᠯᠡᠬᠡᠳ ᠪᠣᠳᠠᠭ᠎ᠠ ᠣᠷᠬᠢᠭᠰᠠᠨ ᠴᠠᠢ ᠠᠶᠠᠭᠠᠯᠠᠵᠣ ᠲᠠᠷᠠᠭ ᠠᠢᠷᠠᠭ ᠤᠨ ᠵᠠᠭᠣᠰᠢ ᠪᠠᠷ ᠨᠠᠢᠷ ᠤᠨ ᠡᠬᠢᠯᠡᠯᠳᠡ ᠪᠤᠯᠭᠠᠳᠠᠭ ᠃ ᠰᠢᠷᠡᠭᠡᠨ ᠨᠠᠢᠷ ᠲᠠᠷᠠᠭᠰᠠᠨ ᠤ ᠰᠡᠭᠦᠯᠡᠷ ᠲᠡᠮᠡᠢ ᠣᠳᠠᠬᠤ ᠦᠬᠡᠢ ᠵᠠᠯᠭᠠᠭᠠᠳ ᠪᠠᠰᠠ ᠯᠠ ᠪᠣᠳᠠᠭ᠎ᠠ ᠣᠷᠬᠢᠭᠰᠠᠨ ᠰᠥ᠋ ᠲᠠᠢ ᠴᠠᠢ ᠣᠤᠭᠣᠵᠠᠭᠠᠵᠣ ᠂ ᠬᠤᠯᠠ ᠤᠢᠷ᠎ᠠ ᠶᠢᠨ ᠵᠣᠴᠢᠳ ᠢᠶᠠᠨ ᠮᠣᠨᠭᠭᠣᠯ ᠶᠣᠰᠣ ᠪᠠᠷ ᠲᠠᠢᠯᠠᠵᠤ ᠂ ᠨᠠᠷᠬᠢᠵᠤ ᠴᠣᠭᠯᠠᠷᠠᠭᠰᠠᠨ ᠠᠬ᠎ᠠ ᠳᠡᠭᠦᠦ ᠨᠠᠷ ᠢᠶᠠᠨ ᠮᠣᠨᠭᠭᠣᠯ ᠠᠢᠯ ᠤᠨ ᠢᠶᠠᠨ ᠵᠣᠷᠰᠢᠯ ᠢᠶᠠᠷ ᠣᠭᠳᠣᠨ ᠵᠠᠯᠠᠵᠣ ᠂ ᠦᠳᠡᠨ ᠮᠣᠷᠳᠠᠭᠣᠯᠳᠠᠭ ᠪᠢᠯᠡ ᠃ ᠴᠠᠭ ᠦᠶ᠎ᠡ ᠶᠢᠨ ᠠᠢᠵᠠᠮ ᠣᠷᠤᠰᠬᠠᠯ ᠢᠶᠠᠷ ᠰᠥ᠋ ᠲᠠᠢ ᠴᠠᠢ ᠴᠢᠨᠠᠬᠣ ᠴᠣ ᠴᠠᠭ ᠢᠶᠠᠨ ᠲᠠᠭᠠᠭᠠᠳ ᠭᠦᠭᠵᠢᠨ ᠬᠣᠪᠢᠷᠠᠵᠠᠢ ᠃ ᠦᠨᠦ ᠂ ᠡᠮᠡᠬᠡ ᠡᠵᠢ ᠶᠢᠨ ︽ ᠴᠠᠢ ᠴᠢᠨᠠᠬᠣ ᠲᠣᠩᠬᠤ ︾ ᠠᠯᠢ ᠵᠢᠯ ᠂ ᠠᠯᠢ ᠰᠠᠷ᠎ᠠ ᠂ ᠠᠯᠢ ᠡᠳᠦᠷ ᠠᠯᠠᠭ᠎ᠠ ᠪᠣᠯᠣᠭᠰᠠᠨ ᠢ ᠪᠣᠤ ᠮᠡᠳᠡ ᠃ ᠣᠳᠣ ᠂

40        0       

                             13847524386      211429899@qq.com      13847524386   QQ  211429899 蒙ICP备17002503号-1