ᠪ ᠊ ᠣᠶᠢ᠍ᠳᠤᠪ : ᠪᠦᠬᠦ ᠬᠢᠲᠠᠳ ᠤᠨ ᠳᠡᠭᠡᠳᠦ ᠱᠠᠩᠨᠠᠯ 《 ᠠᠯᠲᠠᠨ ᠲᠠᠬᠢᠶ᠎ᠠ 》 ᠶᠢ ᠭᠠᠷᠳᠠᠵᠤ ᠠᠪᠤᠭᠰᠠᠨ ᠨᠠᠷᠠᠩᠬᠤᠸᠠᠷ
ᠪ ᠊ ᠣᠶᠢ᠍ᠳᠤᠪ : ᠪᠦᠬᠦ ᠬᠢᠲᠠᠳ ᠤᠨ ᠳᠡᠭᠡᠳᠦ ᠱᠠᠩᠨᠠᠯ 《 ᠠᠯᠲᠠᠨ ᠲᠠᠬᠢᠶ᠎ᠠ 》 ᠶᠢ ᠭᠠᠷᠳᠠᠵᠤ ᠠᠪᠤᠭᠰᠠᠨ ᠨᠠᠷᠠᠩᠬᠤᠸᠠᠷ
(《ᠮᠣᠩᠭᠣᠯ ᠲᠦᠮᠡᠨ ᠦ ᠪᠠᠬᠠᠷᠬᠠᠯᠳᠤ ᠡᠮᠡᠭᠲᠡᠶᠢᠴᠦᠳ》 ᠨᠣᠮ ᠳᠤ ᠣᠷᠣᠵᠤ ᠪᠤᠢ ᠴᠤᠪᠤᠷᠠᠯ ᠬᠥᠷᠥᠭ-5)
9455
2018-12-18 15:13
发表于:内蒙古
ᠪ ᠊ ᠣᠶᠢ᠍ᠳᠤᠪ : ᠪᠦᠬᠦ ᠬᠢᠲᠠᠳ ᠤᠨ ᠳᠡᠭᠡᠳᠦ ᠱᠠᠩᠨᠠᠯ 《 ᠠᠯᠲᠠᠨ ᠲᠠᠬᠢᠶ᠎ᠠ 》 ᠶᠢ ᠭᠠᠷᠳᠠᠵᠤ ᠠᠪᠤᠭᠰᠠᠨ ᠨᠠᠷᠠᠩᠬᠤᠸᠠᠷ
(《ᠮᠣᠩᠭᠣᠯ ᠲᠦᠮᠡᠨ ᠦ ᠪᠠᠬᠠᠷᠬᠠᠯᠳᠤ ᠡᠮᠡᠭᠲᠡᠶᠢᠴᠦᠳ》 ᠨᠣᠮ ᠳᠤ ᠣᠷᠣᠵᠤ ᠪᠤᠢ ᠴᠤᠪᠤᠷᠠᠯ ᠬᠥᠷᠥᠭ-5)
ᠨᠢᠭᠡᠨ ᠪᠦᠰᠡᠭᠦᠢ ᠬᠥᠳᠡᠭᠡ ᠶᠢᠨ ᠪᠥᠭᠯᠡᠭᠦᠦ ᠬᠢᠵᠠᠭᠠᠷ ᠲᠤ ᠬᠥᠭᠰᠢᠨ ᠡᠵᠢ ᠲᠡᠢ ᠪᠡᠨ ᠬᠣᠶᠠᠭᠤᠯᠠᠬᠠᠨ ᠢᠶᠠᠨ ᠠᠮᠢᠳᠤᠷᠠᠵᠤ ᠪᠠᠶᠢᠲᠠᠯ᠎ᠠ ᠡᠵᠢ ᠨᠢ ᠪᠤᠷᠬᠠᠨ ᠪᠣᠯᠤᠨ᠎ᠠ᠃ ᠢᠩᠭᠢᠭᠡᠳ ᠬᠥᠭᠡᠷᠦᠬᠦᠢ ᠪᠦᠰᠡᠭᠦᠢ ᠮᠣᠷᠢᠨ ᠲᠡᠷᠭᠡᠨ ᠳᠡᠭᠡᠷ᠎ᠡ ᠡᠵᠢ ᠶᠢᠨ ᠢᠶᠡᠨ ᠱᠠᠷᠢᠯ ᠢ ᠠᠴᠢᠭᠠᠳ ᠬᠥᠳᠡᠭᠡᠯᠡᠭᠦᠯᠬᠦ ᠪᠡᠷ ᠶᠠᠪᠤᠨ᠎ᠠ᠃ ᠲᠡᠭᠡᠲᠡᠯ᠎ᠡ ᠶᠠᠭ ᠭᠣᠣᠯ ᠤᠨ ᠭᠠᠷᠠᠮ ᠳᠡᠭᠡᠷ᠎ᠡ ᠢᠷᠡᠭᠡᠳ ᠲᠡᠷᠭᠡᠨ ᠳᠦ ᠵᠢᠳᠬᠦᠵᠦ ᠶᠠᠪᠤᠭᠰᠠᠨ 《ᠭᠠᠩᠭᠠᠩ ᠬᠠᠷ᠎ᠠ》 ᠮᠣᠷᠢ ᠨᠢ ᠦᠬᠥᠴᠢᠬᠡᠳᠡᠭ᠃ ᠡᠶᠢᠮᠦ ᠨᠢᠭᠡᠨ ᠥᠷᠦᠪᠳᠦᠯᠲᠡᠢ ᠳᠦᠷᠢ ᠣᠯᠠᠨ ᠤᠯᠤᠰ ᠤᠨ ᠺᠢᠨᠣ᠋ ᠨᠠᠭᠠᠳᠤᠮ ᠢᠶᠠᠷ ᠣᠳᠣ ᠪᠣᠯᠵᠤ᠂ ᠤᠯᠠᠮ ᠢᠶᠠᠷ 1995 ᠣᠨ ᠠᠴᠠ ᠠᠷᠤ ᠮᠣᠩᠭᠣᠯ ᠤᠨ ᠲᠧᠯᠧᠢᠰ ᠦᠳ ᠢᠶᠡᠷ 《ᠭᠠᠩᠭᠠᠩ ᠬᠠᠷ᠎ᠠ》 ᠭᠡᠳᠡᠭ ᠺᠢᠨᠣ᠋ ᠭᠠᠷᠴᠤ ᠡᠬᠢᠯᠡᠭᠰᠡᠨ ᠲᠡᠦᠬᠡ ᠲᠡᠢ᠃ ᠡᠨᠡ ᠺᠢᠨᠣᠨ ᠤ ᠭᠣᠣᠯ ᠳᠦᠷᠢ ᠳᠦ ᠳᠤᠮᠳᠠᠳᠤ ᠤᠯᠤᠰ ᠤᠨ ᠨᠢᠭᠡᠳᠦᠭᠡᠷ ᠳᠡᠰ ᠦᠨ ᠳᠠᠭᠤᠴᠢᠨ ᠲᠩᠷᠢ᠂ ᠪᠦᠬᠦ ᠬᠢᠲᠠᠳ ᠤᠨ ᠺᠢᠨᠣ᠋ ᠤᠷᠠᠯᠢᠭ ᠤᠨ ᠬᠠᠮᠤᠭ ᠤᠨ ᠳᠡᠭᠡᠳᠦ 《ᠠᠯᠲᠠᠨ ᠲᠠᠬᠢᠶ᠎ᠠ》 ᠱᠠᠩᠨᠠᠯ ᠬᠦᠷᠲᠡᠭᠰᠡᠨ ᠨᠡᠷᠡᠲᠦ ᠵᠦᠴᠦᠭᠡᠴᠢᠨ ᠨᠠᠷᠠᠩᠬᠤᠸᠠᠷ ᠨᠠᠷ ᠲᠣᠭᠯᠠᠭᠰᠠᠨ ᠶᠤᠮ᠃ ᠮᠥᠨ ᠨᠠᠷᠠᠩᠬᠤᠸᠠᠷ 2000 ᠍ ᠊ᠭᠠᠳ ᠣᠨ ᠤ ᠦᠶ᠎ᠡ ᠳᠦ ᠵᠢᠷᠠᠭᠠᠳ ᠣᠨ ᠤ ᠰᠤᠶᠤᠯ ᠤᠨ ᠬᠤᠪᠢᠰᠬᠠᠯ ᠤᠨ ᠦᠢᠯᠡ ᠶᠠᠪᠤᠳᠠᠯ ᠢ ᠬᠠᠷᠠᠭᠤᠯᠤᠭᠰᠠᠨ 《ᠠᠮᠢᠨ ᠭᠣᠣᠯ》 ᠬᠡᠮᠡᠬᠦ ᠣᠯᠠᠨ ᠠᠩᠭᠢᠲᠤ ᠺᠢᠨᠣᠨ ᠤ ᠭᠣᠣᠯ ᠳᠦᠷᠢ ᠶᠢ ᠪᠦᠲᠦᠭᠡᠵᠦ᠂ ᠡᠨᠡ ᠺᠢᠨᠣ᠋ ᠮᠥᠨ ᠯᠠ ᠮᠠᠨ ᠤ ᠲᠧᠯᠸᠢᠰ ᠦᠳ ᠢᠶᠡᠷ ᠭᠠᠷᠴᠤ ᠣᠯᠠᠨ ᠤ ᠰᠣᠨᠢᠷᠬᠠᠯ ᠢ ᠲᠠᠲᠠᠵᠤ ᠪᠠᠶᠢᠯ᠎ᠠ᠃ ᠲᠡᠶᠢᠮᠦ ᠡᠴᠡ ᠵᠦᠴᠦᠭᠡᠴᠢᠨ ᠨᠠᠷᠠᠩᠬᠤᠸᠠᠷ ᠢ ᠠᠷᠤ ᠮᠣᠩᠭᠣᠯᠴᠤᠳ ᠠᠨᠳᠤᠬᠤ ᠦᠭᠡᠢ᠃ ᠭᠡᠬᠦ ᠳᠦ ᠪᠡᠨ ᠨᠠᠷᠠᠩᠬᠤᠸᠠᠷ ᠵᠥᠪᠬᠡᠨ ᠡᠨᠡ ᠬᠣᠶᠠᠷ ᠺᠢᠨᠣ᠋ ᠍ ᠪᠠᠷ ᠢᠶᠠᠨ ᠪᠤᠰᠤ᠂ ᠬᠢᠲᠠᠳ ᠤᠨ ᠣᠯᠠᠨ ᠠᠷᠪᠠᠨ ᠺᠢᠨᠣᠨ ᠳᠤ ᠭᠣᠣᠯ ᠳᠦᠷᠢ ᠪᠦᠲᠦᠭᠡᠵᠦ᠂ ᠮᠥᠨ ᠣᠯᠠᠨ ᠠᠷᠪᠠᠨ ᠺᠢᠨᠣ᠋ ᠨᠠᠶᠢᠷᠠᠭᠤᠯᠵᠤ ᠳᠤᠮᠳᠠᠳᠤ ᠤᠯᠤᠰ ᠲᠤ ᠨᠡᠷ᠎ᠡ ᠳᠦ ᠭᠠᠷᠴᠠᠢ᠃ ᠡᠳᠦᠭᠡ ᠲᠡᠷᠡ ᠪᠡᠷ ᠪᠡᠭᠡᠵᠢᠩ ᠳᠦ ᠠᠮᠢᠳᠤᠷᠠᠵᠤ ᠪᠠᠶᠢᠨ᠎ᠠ᠃ ᠥᠪᠥᠷ ᠮᠣᠩᠭᠣᠯ ᠤᠨ ᠨᠡᠷᠡᠲᠦ ᠺᠢᠨᠣ᠋ ᠨᠠᠶᠢᠷᠠᠭᠤᠯᠤᠭᠴᠢ ᠰᠤᠶᠤᠯᠴᠡᠴᠡᠭ ᠨᠠᠮ᠎ᠠ ᠢᠢ ᠨᠠᠷᠠᠩᠬᠤᠸᠠᠷ ᠲᠠᠢ ᠠᠭᠤᠯᠵᠠᠭᠤᠯᠬᠤ ᠳᠤ ᠪᠠᠨ᠄ 《ᠵᠠ ᠡᠨᠡ ᠲᠣᠮᠣ ᠵᠦᠴᠦᠭᠡᠴᠢᠨ ᠢ ᠮᠠᠨ ᠤ ᠰᠡᠳᠬᠦᠯᠴᠢᠳ ᠣᠯᠵᠤ ᠠᠭᠤᠯᠵᠠᠬᠤ ᠭᠡᠳ ᠴᠢᠳᠠᠳᠠᠭ ᠦᠭᠡᠢ ᠶᠤᠮ᠃ ᠪᠠᠷ᠎ᠠ ᠶᠢ ᠨᠢ ᠬᠠᠷᠠᠪᠠᠯ ᠳᠡᠭᠡᠳᠦ ᠭᠡᠵᠦ ᠪᠣᠳᠣᠳᠠᠭ᠃ ᠬᠠᠷᠢᠨ ᠥᠪᠡᠷ ᠢ ᠲᠠᠨᠢ ᠠᠷᠤ ᠮᠣᠩᠭᠣᠯ ᠠᠴᠠ ᠢᠷᠡᠭᠰᠡᠨ ᠭᠡᠬᠦ ᠪᠡᠷ ᠶᠡᠬᠡ ᠬᠦᠨᠳᠦᠯᠡᠵᠦ ᠪᠠᠶᠢᠨ᠎ᠠ》 ᠭᠡᠵᠦ ᠬᠡᠯᠡᠭᠰᠡᠨ᠃ ᠨᠡᠭᠡᠷᠡᠨ ᠴᠤ ᠲᠡᠶᠢᠮᠦ ᠪᠠᠶᠢᠯ᠎ᠠ᠃
ᠨᠠᠷᠠᠩᠬᠤᠸᠠᠷ ᠥᠪᠥᠷ ᠮᠣᠩᠭᠣᠯ ᠤᠨ ᠰᠢᠯᠢ ᠶᠢᠨ ᠬᠣᠲᠠ ᠳ᠋ᠤ ᠲᠥᠷᠦᠵᠡᠢ᠃ ᠠᠪᠤ ᠨᠢ ᠬᠢᠩᠭᠠᠨ ᠠᠶᠢᠮᠠᠭ ᠤᠨ᠂ ᠡᠵᠢ ᠨᠢ ᠰᠢᠯᠤᠭᠤᠨ ᠴᠠᠭᠠᠨ ᠬᠣᠰᠢᠭᠤᠨ ᠤ ᠴᠡᠪᠡᠷ ᠮᠣᠩᠭᠣᠯ ᠬᠦᠮᠦᠰ᠃ ᠦᠨᠡᠨ ᠳᠦ ᠪᠡᠨ ᠪᠢᠳᠡᠨ ᠦ ᠲᠠᠰᠤᠷᠠᠭᠰᠠᠨ ᠮᠢᠬ᠎ᠠ᠂ ᠦᠰᠦᠷᠦᠭᠰᠡᠨ ᠴᠢᠰᠤ᠃ ᠨᠠᠷᠠᠩᠬᠤᠸᠠᠷ ᠢ ᠪᠠᠭ᠎ᠠ ᠪᠠᠶᠢᠬᠤ ᠳᠤ ᠠᠪᠤ ᠡᠵᠢ ᠨᠢ ᠮᠣᠩᠭᠣᠯ ᠬᠡᠯᠡ ᠪᠡᠨ ᠮᠠᠷᠲᠠᠴᠢᠬᠠᠨ᠎ᠠ ᠭᠡᠳ ᠭᠠᠳᠠᠭᠤᠷ ᠰᠤᠷᠭᠠᠭᠤᠯᠢ ᠰᠤᠶᠤᠯ ᠤᠨ ᠭᠠᠵᠠᠷ ᠬᠢᠲᠠᠳ ᠢᠶᠠᠷ ᠶᠠᠷᠢᠬᠤ ᠶᠢ ᠡᠷᠡᠰ ᠬᠣᠷᠢᠭᠯᠠᠳᠠᠭ ᠪᠠᠶᠢᠵᠠᠢ᠃ ᠭᠡᠪᠡᠴᠦ ᠠᠪᠤ ᠡᠵᠢ ᠨᠢ ᠲᠡᠭᠦᠨ ᠢ ᠪᠠᠶᠢᠩᠭᠤ ᠬᠠᠵᠠᠭᠤ ᠳᠤ ᠪᠠᠨ ᠪᠠᠶᠢᠯᠭᠠᠵᠤ ᠴᠢᠳᠠᠭᠰᠠᠨ ᠦᠭᠡᠢ᠃ ᠥᠬᠢᠨ ᠢ 14 ᠨᠠᠰᠤᠲᠠᠢ ᠪᠠᠶᠢᠬᠤ ᠦᠶ᠎ᠡ ᠳᠦ ᠬᠢᠲᠠᠳ ᠤᠨ ᠺᠢᠨᠣᠴᠢᠳ ᠰᠤᠷᠭᠠᠭᠤᠯᠢ ᠳᠡᠭᠡᠷ᠎ᠡ ᠨᠢ ᠢᠷᠡᠵᠦ᠂ ᠪᠢᠴᠢᠬᠠᠨ ᠬᠡᠦᠬᠡᠳ ᠦᠳ ᠢ ᠺᠢᠨᠣ᠋ ᠤᠷᠠᠯᠢᠭ ᠲᠤ ᠲᠡᠩᠴᠡᠬᠦ ᠡᠰᠡᠬᠦ ᠶᠢ ᠰᠢᠯᠭᠠᠵᠤ ᠪᠠᠶᠢᠭᠰᠠᠭᠠᠷ ᠭᠠᠭᠴᠠᠬᠠᠨ ᠨᠠᠷᠠᠩᠬᠤᠸᠠᠷ ᠢ ᠰᠣᠩᠭᠣᠵᠠᠢ᠃ ᠢᠩᠭᠢᠭᠡᠳ ᠨᠠᠷᠠᠩᠬᠤᠸᠠᠷ ᠠᠷᠪᠠᠨ ᠳᠥᠷᠪᠡᠬᠡᠨ ᠨᠠᠰᠤ ᠲᠠᠢ ᠳᠠᠭᠠᠨ ᠥᠪᠥᠷ ᠮᠣᠩᠭᠣᠯ ᠠᠴᠠ ᠪᠡᠭᠡᠵᠢᠩ ᠳᠦ ᠣᠴᠢᠵᠤ ᠲᠣᠮᠣᠬᠠᠨ ᠺᠢᠨᠣ᠋ ᠦᠢᠯᠡᠳᠪᠦᠷᠢ ᠶᠢᠨ ᠵᠦᠴᠦᠭᠡᠴᠢᠨ ᠪᠣᠯᠤᠭᠰᠠᠨ ᠪᠠᠶᠢᠨ᠎ᠠ᠃ ᠡᠨᠡ ᠪᠠᠰᠠ ᠯᠠ ᠬᠣᠪᠣᠷᠬᠠᠨ ᠲᠣᠬᠢᠶᠠᠯᠳᠤᠯ ᠶᠤᠮ᠃ ᠪᠢᠴᠢᠬᠠᠨ ᠥᠬᠢᠨ ᠢᠶᠡᠨ ᠪᠡᠭᠡᠵᠢᠩ ᠲᠡᠰᠢ ᠶᠠᠪᠤᠭᠤᠯᠬᠤ ᠳᠤ ᠪᠠᠨ ᠡᠵᠢ ᠨᠢ 《ᠴᠢ ᠬᠠᠮᠢᠭ᠎ᠠ ᠴᠤ ᠣᠴᠢᠭᠰᠠᠨ ᠮᠣᠩᠭᠣᠯ ᠬᠦᠮᠦᠨ ᠭᠡᠳᠡᠭ ᠢᠶᠡᠨ ᠪᠢᠲᠡᠭᠡᠢ ᠮᠠᠷᠲᠠᠭᠠᠷᠠᠢ᠃ ᠪᠡᠭᠡᠵᠢᠩ ᠳᠦ ᠣᠴᠢᠬᠤ ᠳᠤ ᠴᠢᠨᠤ ᠬᠠᠵᠠᠭᠤ ᠳᠤ ᠳᠠᠩᠳᠠ ᠬᠢᠲᠠᠳ ᠬᠦᠮᠦᠰ ᠪᠠᠶᠢᠨ᠎ᠠ᠃ ᠴᠢᠨᠤ ᠰᠡᠳᠬᠢᠯ ᠴᠢᠨᠢ ᠠᠶᠤᠮᠠᠷ ᠪᠦᠳᠦᠭᠦᠨ (ᠲᠣᠮᠣ) ᠰᠢᠦ᠃ ᠮᠣᠩᠭᠣᠯ ᠢᠶᠠᠷ ᠢᠶᠠᠨ ᠪᠠᠶᠢᠭᠠᠷᠠᠢ》 ᠭᠡᠵᠦ ᠵᠠᠬᠢᠵᠠᠢ᠃ ᠥᠬᠢᠨ ᠤ ᠨᠡᠷ᠎ᠡ ᠶᠢ ᠠᠩᠬᠠᠨ ᠳᠤ ᠪᠠᠨ ᠨᠠᠷᠠᠨᠴᠡᠴᠡᠭ ᠭᠡᠳᠡᠭ ᠪᠠᠶᠢᠪᠠ᠃ ᠲᠡᠭᠡᠲᠡᠯ᠎ᠡ ᠺᠢᠨᠣᠨ ᠤ ᠬᠢᠨ ᠨᠠᠷᠠᠨ ᠭᠡᠳᠡᠭ ᠦᠨ ᠠᠷᠤ ᠲᠠᠯ᠎ᠠ ᠳᠤ ᠬᠤᠸᠠᠷ ᠬᠡᠮᠡᠬᠦ ᠬᠢᠲᠠᠳ ᠨᠡᠷ᠎ᠡ ᠵᠠᠯᠭᠠᠵᠠᠢ᠃ ᠬᠤᠸᠠᠷ ᠨᠢ ᠬᠢᠲᠠᠳ ᠢᠶᠠᠷ ᠴᠡᠴᠡᠭ ᠭᠡᠰᠡᠨ ᠦᠭᠡ᠃ ᠭᠡᠬᠦ ᠳᠦ ᠪᠡᠨ ᠡᠷᠲᠡᠨ ᠦ ᠮᠣᠩᠭᠣᠯ ᠬᠡᠯᠡᠯᠭᠡ ᠪᠡᠷ ᠪᠣᠯ ᠬᠤᠸᠠᠷ ᠨᠢ 《ᠴᠡᠴᠡᠭᠲᠦ ᠤᠷᠭᠤᠮᠠᠯ ᠤᠨ ᠪᠡᠯᠭᠡ ᠪᠡᠷ ᠦᠷᠡᠵᠢᠬᠦ ᠡᠷᠬᠡᠲᠡᠨ》 ᠭᠡᠳᠡᠭ ᠤᠳᠬ᠎ᠠ ᠠᠭᠤᠯᠣᠨᠠ᠃
ᠪᠢᠴᠢᠬᠠᠨ ᠥᠬᠢᠨ ᠨᠠᠷᠠᠩᠬᠤᠸᠠᠷ ᠪᠡᠭᠡᠵᠢᠩ ᠳᠦ ᠣᠴᠢᠭᠠᠳ ᠰᠢᠭᠤᠳ ᠯᠠ ᠺᠢᠨᠣᠨ ᠳᠤ ᠲᠣᠭᠯᠠᠵᠤ ᠡᠬᠢᠯᠡᠵᠡᠢ᠃ ᠴᠢᠩᠭᠢᠭᠡᠳ 1982 ᠣᠨ ᠳᠤ ᠪᠡᠭᠡᠵᠢᠩ ᠦᠨ ᠺᠢᠨᠣ᠋᠂ ᠵᠦᠴᠦᠭᠡ ᠶᠢᠨ ᠳᠡᠭᠡᠳᠦ ᠰᠤᠷᠭᠠᠭᠤᠯᠢ ᠳᠤ ᠰᠢᠯᠢᠭᠳᠡᠨ ᠣᠷᠣᠵᠤ᠂ ᠡᠨᠳᠡ ᠳᠥᠷᠪᠡᠨ ᠵᠢᠯ ᠰᠤᠷᠤᠯᠴᠠᠵᠤ ᠲᠡᠭᠦᠰᠦᠭᠡᠳ ᠬᠣᠶᠠᠷ ᠵᠢᠯ ᠪᠠᠭᠰᠢᠯᠠᠭᠰᠠᠨ ᠪᠠᠶᠢᠨ᠎ᠠ᠃ ᠳᠠᠷᠠᠭ᠎ᠠ ᠨᠢ ᠠᠩᠭᠯᠢ ᠤᠯᠤᠰ ᠲᠤ ᠣᠴᠢᠵᠤ ᠺᠢᠨᠣ᠋ ᠨᠠᠶᠢᠷᠠᠭᠤᠯᠤᠭᠴᠢ ᠶᠢᠨ ᠮᠡᠷᠭᠡᠵᠢᠯ ᠢᠶᠡᠷ ᠰᠤᠷᠤᠯᠴᠠᠵᠠᠢ᠃ ᠲᠡᠷᠡᠪᠡᠷ ᠵᠠᠷᠢᠮ ᠺᠢᠨᠣᠨ ᠤ ᠬᠢ ᠪᠠᠨ ᠲᠠᠯ᠎ᠠ ᠪᠠᠷ ᠢᠩᠭᠢᠵᠦ ᠬᠦᠦᠷᠨᠢᠪᠡ᠃
-ᠠᠷᠤ ᠮᠣᠩᠭᠣᠯ ᠳᠤ ᠣᠴᠢᠵᠤ 《ᠭᠠᠩᠭᠠᠩ ᠬᠠᠷ᠎ᠠ》 ᠺᠢᠨᠣᠨ ᠤ ᠵᠢᠷᠤᠭ ᠠᠪᠬᠤ ᠳᠤ ᠬᠣᠶᠠᠷ ᠰᠠᠷ᠎ᠠ ᠪᠣᠯᠤᠭᠰᠠᠨ᠃ ᠮᠢᠨᠦ ᠠᠮᠢᠳᠤᠷᠠᠯ ᠳᠤ ᠬᠠᠮᠤᠭ ᠤᠨ ᠭᠣᠶᠣ ᠰᠡᠳᠬᠢᠭᠳᠡᠯ ᠲᠥᠷᠦᠭᠦᠯᠦᠭᠰᠡᠨ ᠲᠣᠬᠢᠶᠠᠯᠳᠤᠯ ᠪᠣᠯ ᠡᠨᠡ ᠬᠣᠶᠠᠷ ᠰᠠᠷ᠎ᠠ ᠶᠢᠨ ᠬᠤᠭᠤᠴᠠᠭ᠎ᠠ ᠪᠠᠶᠢᠯ᠎ᠠ᠃ ᠬᠠᠮᠤᠭ ᠤᠨ ᠭᠣᠶᠣ ᠥᠩᠭᠡ ᠲᠡᠢ ᠲᠠᠯ᠎ᠠ ᠨᠤᠲᠤᠭ ᠢ ᠪᠢ ᠣᠯᠵᠤ ᠬᠠᠷᠠᠭᠰᠠᠨ᠃ ᠳᠠᠷᠠᠭ᠎ᠠ ᠨᠢ 《ᠠᠮᠢᠨ ᠭᠣᠣᠯ》 ᠺᠢᠨᠣᠨ ᠤ ᠵᠢᠷᠤᠭ ᠠᠪᠤᠯᠲᠠ ᠶᠢ ᠲᠠᠪᠤᠨ ᠰᠠᠷ᠎ᠠ ᠶᠢᠨ ᠲᠤᠷᠰᠢ ᠬᠢᠬᠦ ᠳᠦ ᠮᠥᠨ ᠯᠠ ᠲᠠᠯ᠎ᠠ ᠨᠤᠲᠤᠭ ᠢᠶᠠᠷ ᠢᠶᠠᠨ ᠪᠠᠬᠠᠷᠬᠠᠭᠰᠠᠨ᠃ ᠡᠨᠡ ᠺᠢᠨᠣᠨ ᠳᠤ ᠲᠣᠭᠯᠠᠬᠤ ᠳᠤ ᠪᠠᠨ ᠪᠢ ᠥᠪᠡᠷ ᠦᠨ ᠦᠨᠳᠦᠰᠦᠲᠡᠨ ᠦ ᠠᠮᠢᠳᠤᠷᠠᠯ᠂ ᠰᠤᠶᠤᠯ᠂ ᠵᠠᠩ ᠵᠠᠩᠰᠢᠯ᠂ ᠨᠠᠨᠳᠢᠨ ᠰᠡᠳᠬᠢᠯ ᠭᠡᠳ ᠪᠦᠬᠦ ᠶᠠᠭᠤᠮ᠎ᠠ ᠲᠠᠢ ᠭᠦᠨ ᠭᠦᠨᠵᠡᠭᠡᠢ ᠲᠠᠨᠢᠯᠴᠠᠭᠰᠠᠨ᠃ 《ᠠᠮᠢᠨ ᠭᠣᠣᠯ》 ᠺᠢᠨᠣ᠋ ᠪᠣᠯ ᠬᠦᠮᠦᠨ᠂ ᠠᠮᠢᠲᠠᠨ᠂ ᠪᠠᠶᠢᠭᠠᠯᠢ ᠳᠡᠯᠡᠬᠡᠢ ᠪᠡᠨ ᠬᠠᠶᠢᠷᠠᠯᠠᠬᠤ ᠰᠡᠳᠬᠢᠯ ᠢ ᠶᠡᠬᠡ ᠪᠡᠷ ᠲᠥᠷᠦᠭᠦᠯᠦᠭᠰᠡᠨ ᠺᠢᠨᠣ᠋᠃《ᠭᠠᠩᠭᠠᠩ ᠬᠠᠷ᠎ᠠ》 ᠺᠢᠨᠣ᠋ ᠴᠤ ᠭᠡᠰᠡᠨ ᠮᠣᠩᠭᠣᠯ ᠦᠨᠳᠦᠰᠦᠲᠡᠨ ᠠᠮᠢ ᠲᠠᠢ ᠭᠣᠣᠯ ᠲᠠᠢ ᠶᠠᠭᠤᠮᠠᠨ ᠳᠤ ᠬᠠᠶᠢᠷᠠᠲᠠᠢ ᠪᠠᠶᠢᠳᠠᠭ ᠥᠪᠡᠷᠮᠢᠴᠡ ᠣᠨᠴᠠᠯᠢᠭ ᠢ ᠬᠠᠷᠠᠭᠤᠯᠤᠭᠰᠠᠨ᠃ ᠬᠦᠮᠦᠨ ᠪᠠᠶᠢᠭᠠᠯᠢ ᠲᠠᠢ ᠪᠠᠨ ᠬᠠᠮᠲᠤ ᠣᠷᠣᠰᠢᠵᠤ᠂ ᠬᠠᠮᠲᠤ ᠰᠥᠨᠥᠬᠦ ᠨᠢ ᠮᠢᠨᠦ ᠰᠡᠳᠬᠢᠯ ᠢ ᠶᠡᠬᠡ ᠪᠡᠷ ᠳᠣᠭᠳᠣᠯᠤᠭᠤᠯᠤᠭᠰᠠᠨ᠃ ᠡᠨᠡ ᠺᠢᠨᠣ᠋ ᠪᠦᠲᠦᠭᠡᠭᠳᠡᠭᠰᠡᠨ ᠲᠡᠷᠡ ᠵᠢᠯ ᠳᠦ ᠪᠡᠨ ᠺᠠᠨᠠᠳᠠ ᠶᠢᠨ ᠣᠯᠠᠨ ᠤᠯᠤᠰ ᠤᠨ ᠺᠢᠨᠣ᠋ ᠨᠠᠭᠠᠳᠤᠮ ᠠᠴᠠ ᠲᠣᠮᠣ ᠱᠠᠩᠨᠠᠯ ᠠᠪᠤᠭᠰᠠᠨ᠃ 《ᠭᠠᠩᠭᠠᠩ ᠬᠠᠷ᠎ᠠ》 ᠍ ᠶᠢᠨ ᠨᠠᠶᠢᠷᠠᠭᠤᠯᠤᠭᠴᠢ ᠬᠣᠷᠢᠨ ᠬᠡᠳᠦᠨ ᠵᠢᠯ ᠦᠨ ᠲᠤᠷᠰᠢ ᠡᠨᠡ ᠺᠢᠨᠣ᠋ ᠍ ᠪᠠᠨ ᠳᠡᠯᠡᠬᠡᠢ ᠶᠢᠨ ᠣᠯᠠᠨ ᠣᠷᠣᠨ ᠳᠤ ᠭᠠᠷᠭᠠᠵᠤ ᠮᠠᠰᠢ ᠶᠡᠬᠡ ᠬᠦᠨᠳᠦᠳᠬᠡᠯ ᠣᠯᠤᠭᠰᠠᠨ᠃ ᠡᠨᠡ ᠪᠣᠯ ᠬᠦᠮᠦᠨ ᠦ ᠶᠢᠷᠲᠢᠨᠴᠦ ᠶᠢᠨ ᠥᠪᠡᠷᠮᠢᠴᠡ ᠣᠨᠴᠠᠯᠭᠠ ᠲᠠᠢ ᠺᠢᠨᠣ᠋᠃《ᠠᠮᠢᠨ ᠭᠣᠣᠯ》 ᠺᠢᠨᠣ᠋ ᠴᠤ ᠪᠠᠰᠠ ᠮᠣᠩᠭᠣᠯ ᠦᠨᠳᠦᠰᠦᠲᠡᠨ ᠦ ᠥᠪᠡᠷᠮᠢᠴᠡ ᠣᠨᠴᠠᠯᠢᠭ ᠲᠠᠢ᠃ ᠡᠮᠦᠨᠡᠲᠦ ᠬᠢᠲᠠᠳ ᠠᠴᠠ ᠭᠤᠷᠪᠠᠨ ᠮᠢᠩᠭᠠᠨ ᠥᠨᠥᠴᠢᠨ ᠬᠡᠦᠬᠡᠳ ᠢ ᠥᠪᠥᠷ ᠮᠣᠩᠭᠣᠯ ᠳᠤ ᠠᠪᠴᠢᠷᠠᠵᠤ᠂ ᠮᠣᠩᠭᠣᠯ ᠠᠪᠤ᠂ ᠡᠵᠢ ᠨᠦᠭᠦᠳ ᠲᠦ ᠦᠷᠡᠴᠢᠯᠡᠭᠦᠯᠵᠦ ᠪᠠᠶᠢᠭᠰᠠᠨ ᠬᠠᠲᠠᠭᠤ ᠴᠠᠭ ᠦᠶ᠎ᠡ ᠶᠢ ᠲᠤᠰᠬᠠᠭᠰᠠᠨ ᠺᠢᠨᠣ᠋᠃ ᠲᠡᠷᠡ ᠦᠶ᠎ᠡ ᠳᠦ ᠢᠳᠡᠵᠦ ᠤᠤᠭᠤᠬᠤ ᠶᠠᠭᠤᠮ᠎ᠠ ᠳᠤᠲᠠᠭᠳᠠᠯ ᠲᠠᠢ᠂ ᠠᠮᠢᠳᠤᠷᠠᠯ ᠠᠬᠤᠢ ᠨᠢ ᠮᠠᠰᠢ ᠬᠦᠨᠳᠦ ᠪᠠᠶᠢᠭᠰᠠᠨ ᠴᠤ ᠮᠠᠨ ᠤ ᠬᠢᠨ ᠥᠨᠥᠴᠢᠨ ᠬᠡᠦᠬᠡᠳ ᠦᠳ ᠢ ᠥᠪᠡᠷ ᠦᠨ ᠬᠡᠦᠬᠡᠳ ᠰᠢᠭ ᠢᠶᠡᠨ ᠥᠰᠬᠡᠵᠦ ᠪᠣᠶᠢᠵᠢᠭᠤᠯᠤᠭᠰᠠᠨ᠃ ᠮᠣᠩᠭᠣᠯᠴᠤᠳ ᠤᠨ ᠲᠥᠷᠥᠯᠬᠢ ᠵᠠᠩ ᠴᠢᠨᠠᠷ᠂ ᠦᠵᠡᠯ ᠰᠠᠨᠠᠭ᠎ᠠ ᠪᠣᠯ ᠡᠶᠢᠮᠦ᠃ ᠡᠨᠡ ᠬᠣᠶᠠᠷ ᠺᠢᠨᠣ᠋ ᠍ ᠪᠠᠷ ᠳᠠᠮᠵᠢᠭᠤᠯᠤᠭᠠᠳ ᠪᠢ ᠥᠪᠡᠷ ᠦᠨ ᠮᠣᠩᠭᠣᠯ ᠦᠨᠳᠦᠰᠦᠲᠡᠨ ᠳᠦ ᠪᠡᠨ ᠮᠠᠰᠢ ᠶᠡᠬᠡ ᠬᠠᠶᠢᠷᠠᠲᠠᠢ ᠪᠣᠯᠤᠭᠰᠠᠨ ᠁》 ᠭᠡᠵᠦ ᠦᠭᠦᠯᠡᠭᠰᠡᠨ ᠶᠤᠮ᠃
ᠲᠡᠭᠦᠨ ᠦ ᠪᠦᠲᠦᠭᠡᠭᠰᠡᠨ 《ᠰᠠᠯᠬᠢᠨ ᠤ ᠡᠰᠡᠷᠭᠥ ᠮᠣᠷᠢ》᠂ 《ᠡᠵᠢ》᠂ 《ᠲᠩᠷᠢ ᠰᠢᠭ ᠲᠠᠯ᠎ᠠ ᠨᠤᠲᠤᠭ》 ᠵᠡᠷᠭᠡ ᠺᠢᠨᠣ᠋ ᠨᠤᠭᠤᠳ ᠳᠤᠮᠳᠠᠳᠤ ᠤᠯᠤᠰ ᠲᠤ ᠶᠡᠬᠡᠳᠡ ᠠᠯᠳᠠᠷᠰᠢᠵᠠᠢ᠃ ᠪᠦᠬᠦ ᠬᠢᠲᠠᠳ ᠤᠨ ᠺᠢᠨᠣ᠋ ᠤᠷᠠᠯᠢᠭ ᠤᠨ ᠬᠠᠮᠤᠭ ᠤᠨ ᠳᠡᠭᠡᠳᠦ ᠱᠠᠩᠨᠠᠯ ᠪᠣᠯᠬᠤ 《ᠠᠯᠲᠠᠨ ᠲᠠᠬᠢᠶ᠎ᠠ》 ᠱᠠᠩᠨᠠᠯ ᠢ ᠬᠦᠷᠲᠡᠬᠦ ᠭᠡᠵᠦ ᠬᠢᠲᠠᠳ᠂ ᠮᠣᠩᠭᠣᠯ ᠣᠯᠠᠨ ᠵᠦᠴᠦᠭᠡᠴᠢᠨ ᠬᠦᠰᠡᠳᠡᠭ ᠪᠣᠯᠪᠠᠴᠤ ᠪᠠᠷᠤᠭᠲᠠᠢ ᠪᠣᠯ ᠠᠪᠴᠤ ᠴᠢᠳᠠᠳᠠᠭ ᠦᠭᠡᠢ ᠶᠤᠮ ᠪᠠᠶᠢᠨ᠎ᠠ᠃ ᠬᠢᠲᠠᠳ ᠤᠨ ᠵᠦᠴᠦᠭᠡᠴᠢᠳ ᠡᠴᠡ 《ᠠᠯᠲᠠᠨ ᠲᠠᠬᠢᠶ᠎ᠠ》 ᠱᠠᠩᠨᠠᠯ ᠠᠪᠤᠭᠰᠠᠨ ᠬᠦᠮᠦᠨ ᠲᠤᠩ ᠴᠥᠭᠡᠬᠡᠨ ᠪᠥᠭᠡᠳ ᠬᠠᠷᠢᠨ ᠥᠪᠥᠷ ᠮᠣᠩᠭᠣᠯ ᠠᠴᠠ ᠨᠠᠷᠠᠩᠬᠤᠸᠠᠷ᠂ ᠰᠡᠴᠡᠩᠭᠤᠸ᠎ᠠ᠂ ᠠᠯᠢᠶ᠎ᠠ ᠭᠡᠰᠡᠨ ᠭᠤᠷᠪᠠᠨ ᠵᠦᠴᠦᠭᠡᠴᠢᠨ ᠠᠪᠴᠠᠢ᠃ ᠲᠡᠶᠢᠮᠦ ᠡᠴᠡ ᠵᠦᠴᠦᠭᠡᠴᠢᠨ ᠮᠠᠨᠢ 《ᠲᠡᠷᠪᠤᠮ ᠭᠠᠷᠤᠢ ᠬᠦᠮᠦᠨ ᠡᠴᠡ ᠲᠡᠷᠡ ᠱᠠᠩᠨᠠᠯ ᠢ ᠨᠢ ᠠᠪᠤᠭᠰᠠᠨ》 ᠭᠡᠵᠦ ᠳᠠᠷᠤᠤᠬᠠᠨ ᠬᠡᠯᠡᠵᠦ ᠪᠠᠶᠢᠨ᠎ᠠ᠃ ᠲᠣᠮᠣ ᠱᠠᠩᠨᠠᠯ ᠭᠠᠷᠳᠠᠵᠤ ᠠᠪᠤᠭᠰᠠᠨ ᠬᠦᠮᠦᠰ ᠭᠣᠣᠯᠳᠠᠭᠤ ᠯᠠ 《ᠪᠢ ᠬᠠᠮᠲᠤ ᠣᠯᠠᠨ ᠢᠶᠠᠷ ᠢᠶᠠᠨ ᠪᠠᠬᠠᠷᠬᠠᠵᠤ ᠪᠠᠶᠢᠨ᠎ᠠ᠃ ᠨᠠᠮ᠎ᠠ ᠶᠢ ᠲᠥᠷᠦᠭᠦᠯᠦᠭᠰᠡᠨ ᠡᠵᠢ ᠠᠪᠤ ᠪᠠᠷ ᠢᠶᠠᠨ ᠪᠠᠬᠠᠷᠬᠠᠵᠤ ᠪᠠᠶᠢᠨ᠎ᠠ》 ᠭᠡᠵᠦ ᠬᠡᠯᠡᠳᠡᠭ᠃ ᠬᠠᠷᠢᠨ ᠨᠠᠷᠠᠩᠬᠤᠸᠠᠷ 《ᠡᠵᠢ》 ᠺᠢᠨᠣ᠋ ᠍ ᠪᠠᠷ ᠢᠶᠠᠨ 《ᠠᠯᠲᠠᠨ ᠲᠠᠬᠢᠶ᠎ᠠ》 ᠱᠠᠩᠨᠠᠯ ᠠᠪᠬᠤ ᠳᠤ ᠪᠠᠨ 《ᠪᠢ ᠡᠵᠢ ᠶᠢᠨ ᠳᠦᠷᠢ ᠶᠢ ᠪᠦᠲᠦᠭᠡᠭᠰᠡᠨ᠃ ᠡᠭᠦᠨ ᠢ ᠨᠠᠳᠠ ᠳᠤ ᠲᠠᠯ᠎ᠠ ᠨᠤᠲᠤᠭ ᠮᠢᠨᠢ ᠥᠭᠭᠦᠭᠰᠡᠨ᠃ ᠲᠠᠯ᠎ᠠ ᠨᠤᠲᠤᠭ ᠲᠤ ᠪᠠᠨ ᠪᠠᠶᠠᠷᠯᠠᠯ᠎ᠠ ᠁》 ᠭᠡᠵᠦ ᠬᠡᠯᠡᠵᠡᠢ᠃
ᠺᠢᠨᠣᠨ ᠳᠤ ᠤᠳᠬ᠎ᠠ ᠵᠣᠬᠢᠶᠠᠯ᠂ ᠤᠷᠠᠨ ᠵᠢᠷᠤᠭ᠂ ᠳᠠᠭᠤᠤ ᠬᠥᠭᠵᠢᠮ᠂ ᠳ᠋ᠷᠠᠮ ᠭᠡᠳ ᠣᠷᠣᠬᠤ ᠦᠭᠡᠢ ᠤᠷᠠᠯᠢᠭ ᠤᠨ ᠲᠥᠷᠥᠯ ᠭᠡᠵᠦ ᠦᠭᠡᠢ᠃ ᠡᠨᠡ ᠲᠠᠯ᠎ᠠ ᠠᠴᠠ ᠪᠠᠨ ᠶᠡᠬᠡᠬᠡᠨ ᠲᠦᠭᠡᠮᠡᠯ ᠰᠢᠨᠵᠢ ᠴᠢᠨᠠᠷ ᠲᠠᠢ ᠤᠷᠠᠯᠢᠭ ᠪᠥᠭᠡᠳ ᠨᠠᠷᠠᠩᠬᠤᠸᠠᠷ ᠵᠥᠪᠬᠡᠨ ᠺᠢᠨᠣᠨ ᠳᠤ ᠲᠣᠭᠯᠠᠭᠠᠳ ᠵᠣᠭᠰᠣᠬᠤ ᠦᠭᠡᠢ ᠨᠠᠶᠢᠷᠠᠭᠤᠯᠤᠭᠴᠢ᠂ ᠫᠷᠣᠳᠢᠶᠦ᠋ᠰᠧᠷ᠂ ᠰᠡᠳᠦᠪ ᠰᠠᠨᠠᠭᠠᠴᠢᠯᠠᠭᠴᠢ ᠭᠡᠳ ᠣᠯᠠᠨ ᠲᠠᠯᠠᠳᠤ ᠦᠢᠯᠡ ᠠᠵᠢᠯᠯᠠᠭᠠᠨ ᠳᠤ ᠠᠪᠢᠶᠠᠰ ᠴᠢᠳᠠᠯ᠂ ᠰᠡᠳᠬᠢᠯ ᠣᠶᠤᠨ ᠢᠶᠠᠨ ᠬᠡᠳᠦᠶᠢᠨ᠎ᠡ ᠳᠠᠶᠢᠴᠢᠯᠠᠭᠠᠳ ᠰᠤᠷᠴᠢᠬᠠᠵᠠᠢ᠃
ᠺᠢᠨᠣ᠋ ᠵᠣᠬᠢᠶᠠᠯ ᠳᠤ ᠰᠡᠳᠦᠪ ᠥᠭᠴᠦ᠂ ᠥᠪᠡᠷ ᠢᠶᠡᠨ ᠫᠷᠣᠳᠢᠶᠦ᠋ᠰᠧᠷ ᠬᠢᠵᠦ᠂ ᠥᠪᠡᠷ ᠢᠶᠡᠨ ᠭᠣᠣᠯ ᠳᠦᠷᠢ ᠳᠦ ᠨᠢ ᠲᠣᠭᠯᠠᠭᠰᠠᠨ 《ᠰᠠᠯᠬᠢᠨ ᠤ ᠡᠰᠡᠷᠭᠥ ᠮᠣᠷᠢ》 ᠺᠢᠨᠣᠨ ᠤ ᠬᠢ ᠪᠠᠨ ᠲᠤᠬᠠᠢ ᠨᠠᠷᠠᠩᠬᠤᠸᠠᠷ ᠥᠭᠦᠯᠡᠬᠦ ᠳᠦ ᠪᠡᠨ᠄ 《2000 ᠍ ᠊ᠭᠠᠳ ᠣᠨ ᠤ ᠦᠶ᠎ᠡ ᠳᠦ ᠨᠤᠲᠤᠭ ᠲᠤ ᠪᠠᠨ ᠣᠴᠢᠬᠤ ᠳᠤ ᠰᠢᠯᠢ ᠶᠢᠨ ᠭᠣᠣᠯ ᠤᠨ ᠴᠡᠯᠡᠭᠡᠷ ᠰᠠᠶᠢᠬᠠᠨ ᠲᠠᠯ᠎ᠠ ᠨᠤᠲᠤᠭ ᠮᠠᠨᠢ ᠤᠯᠠᠶᠢᠷᠠᠵᠤ ᠬᠠᠯᠴᠠᠷᠠᠭᠠᠳ ᠬᠡᠴᠡᠭᠦᠬᠡᠨ ᠪᠣᠯᠤᠭᠰᠠᠨ ᠪᠠᠶᠢᠯ᠎ᠠ᠃ ᠡᠨᠡ ᠨᠢ ᠨᠠᠳᠠ ᠳᠤ ᠶᠠᠮᠠᠷ ᠰᠢᠯᠲᠠᠭᠠᠨ ᠠᠴᠠ ᠡᠶᠢᠮᠦ ᠪᠣᠯᠪᠠ ᠭᠡᠳᠡᠭ ᠰᠡᠳᠡᠯᠲᠡ ᠥᠭᠭᠦᠭᠰᠡᠨ᠃ ᠮᠣᠩᠭᠣᠯ ᠬᠦᠮᠦᠨ ᠯᠠ ᠥᠪᠡᠷ ᠢᠶᠡᠨ ᠰᠡᠷᠡᠵᠦ ᠮᠡᠳᠡᠷᠡᠬᠦ ᠶᠣᠰᠣᠲᠠᠢ᠃ ᠪᠢᠳᠡ ᠪᠣᠯ ᠰᠡᠳᠬᠢᠵᠦ ᠴᠢᠳᠠᠳᠠᠭ ᠨᠡᠭᠦᠳᠡᠯᠴᠢᠨ ᠠᠷᠠᠳ ᠲᠦᠮᠡᠨ᠃ ᠳᠤᠷᠠᠲᠠᠢ ᠭᠠᠵᠠᠷ ᠢᠶᠠᠨ ᠣᠴᠢᠭᠠᠳ ᠮᠠᠯ ᠢᠶᠠᠨ ᠬᠠᠷᠢᠭᠤᠯᠵᠤ ᠮᠠᠯᠵᠢᠭᠠᠳ ᠪᠠᠶᠢᠳᠠᠭ ᠲᠡᠶᠢᠮᠦ ᠲᠣᠮᠣ ᠦᠨᠳᠦᠰᠦᠲᠡᠨ᠃ ᠬᠠᠷᠢᠨ ᠥᠨᠥᠳᠥᠷ ᠲᠠᠯ᠎ᠠ ᠨᠤᠲᠤᠭ ᠮᠠᠨᠢ ᠬᠤᠪᠠᠬᠠᠶᠢᠷᠠᠭᠠᠳ ᠪᠠᠶᠢᠨ᠎ᠠ᠃ ᠡᠭᠦᠨ ᠳᠦ ᠰᠡᠷᠡᠯᠳᠡ ᠣᠷᠣᠭᠤᠯᠬᠤ ᠶᠢᠨ ᠲᠤᠯᠠᠳᠠ 《ᠰᠠᠯᠬᠢᠨ ᠤ ᠡᠰᠡᠷᠭᠥ ᠮᠣᠷᠢ》 ᠺᠢᠨᠣ᠋ ᠍ ᠪᠠᠨ ᠪᠦᠲᠦᠭᠡᠭᠰᠡᠨ᠃ ᠠᠮᠧᠷᠢᠺᠠ ᠳᠤ ᠪᠣᠯᠤᠭᠰᠠᠨ ᠣᠯᠠᠨ ᠤᠯᠤᠰ ᠤᠨ ᠺᠢᠨᠣ᠋ ᠨᠠᠭᠠᠳᠤᠮ ᠠᠴᠠ ᠲᠣᠮᠣ ᠱᠠᠩᠨᠠᠯ ᠠᠪᠤᠭᠰᠠᠨ᠃ ᠤᠷᠤᠰᠴᠤ ᠪᠠᠶᠢᠭ᠎ᠠ ᠭᠣᠣᠯ᠂ ᠲᠡᠨᠳᠡ ᠡᠴᠡ ᠤᠷᠭᠤᠨ ᠭᠠᠷᠴᠤ ᠢᠷᠡᠵᠦ ᠪᠤᠢ ᠴᠢᠰᠤ ᠪᠣᠯ ᠲᠣᠮᠣ ᠬᠠᠶᠢᠷ᠎ᠠ ᠶᠤᠮ᠃ ᠬᠦᠮᠦᠰ ᠢ ᠰᠡᠷᠡᠭᠦᠯᠵᠦ ᠲᠠᠯ᠎ᠠ ᠲᠠᠯ᠎ᠠ ᠠᠴᠠ ᠨᠢ ᠪᠣᠳᠣᠭᠤᠯᠤᠭᠠᠳ᠂ ᠪᠢᠳᠡ ᠨᠠᠷ ᠡᠶᠢᠮᠦ ᠠᠶᠤᠮᠰᠢᠭᠲᠠᠢ ᠦᠶ᠎ᠡ ᠳᠦ ᠬᠦᠷᠴᠦ ᠢᠷᠡᠵᠦ ᠪᠠᠶᠢᠨ᠎ᠠ ᠰᠢᠦ ᠭᠡᠰᠡᠨ ᠪᠣᠳᠣᠯ ᠢ ᠲᠥᠷᠦᠭᠦᠯᠵᠦ ᠪᠠᠶᠢᠭ᠎ᠠ ᠶᠤᠮ᠃ ᠪᠢᠳᠡ ᠥᠪᠡᠷᠰᠡᠳ ᠦᠨ ᠢᠶᠡᠨ ᠠᠵᠢᠯ ᠢ ᠰᠠᠶᠢᠨ ᠬᠢᠭᠡᠳ᠂ ᠳᠠᠷᠠᠭᠠᠴᠢ ᠶᠢᠨ ᠰᠢᠨ᠎ᠡ ᠵᠠᠯᠠᠭᠤ ᠦᠶ᠎ᠡ ᠪᠠᠨ ᠶᠠᠮᠠᠷ ᠵᠠᠮ ᠢᠶᠠᠷ ᠵᠠᠮᠨᠠᠭᠤᠯᠬᠤ ᠪᠤᠢ ᠭᠡᠳᠡᠭ ᠢ ᠤᠷᠠᠯᠢᠭ ᠢᠶᠠᠷ ᠣᠶᠢᠯᠠᠭᠠᠭᠤᠯᠵᠤ ᠥᠭᠬᠦ ᠶᠣᠰᠣᠲᠠᠢ ᠁》 ᠭᠡᠵᠦ ᠬᠡᠯᠡᠭᠰᠡᠨ᠃
ᠠᠯᠢᠪᠠ ᠤᠯᠤᠰ ᠦᠨᠳᠦᠰᠦᠲᠡᠨ ᠦ ᠪᠦᠲᠦᠭᠡᠭᠰᠡᠨ ᠺᠢᠨᠣ᠋ ᠪᠣᠯ ᠲᠡᠦᠬᠡ ᠶᠢᠨ ᠬᠡᠳᠦᠨ ᠵᠠᠭᠤᠨ ᠤ ᠦᠶ᠎ᠡ ᠪᠣᠯᠤᠭᠠᠳ ᠣᠷᠣᠰᠢᠨ ᠪᠤᠢ ᠨᠡᠶᠢᠭᠡᠮ ᠦᠨ ᠢᠶᠡᠨ ᠪᠣᠳᠠᠲᠤ ᠠᠮᠢᠳᠤᠷᠠᠯ᠂ ᠬᠦᠮᠦᠰ ᠦᠨ ᠰᠤᠶᠤᠯ᠂ ᠶᠣᠰᠣ ᠵᠠᠩᠰᠢᠯ᠂ ᠵᠠᠩ ᠠᠷᠠᠨᠰᠢᠨ᠂ ᠰᠡᠳᠬᠢᠯ ᠬᠥᠳᠡᠯᠦᠯ ᠵᠡᠷᠭᠡ ᠶᠢ ᠬᠠᠷᠠᠭᠤᠯᠬᠤ ᠴᠢᠬᠤᠯᠠ ᠪᠠᠷᠢᠮᠲᠠ ᠪᠣᠯᠵᠤ ᠦᠯᠡᠳᠡᠳᠡᠭ᠃ ᠨᠡᠷᠡᠲᠦ ᠵᠦᠴᠦᠭᠡᠴᠢᠨ ᠮᠠᠨᠢ ᠳᠤᠮᠳᠠᠳᠤ ᠤᠯᠤᠰ ᠲᠤ ᠪᠣᠯᠤᠠ ᠥᠪᠥᠷ ᠮᠣᠩᠭᠣᠯ ᠳᠤ ᠬᠡᠵᠢᠶ᠎ᠡ ᠴᠤ ᠠᠷᠢᠯᠤᠰᠢ ᠦᠭᠡᠢ ᠡᠶᠢᠮᠦ ᠪᠠᠷᠢᠮᠲᠠ ᠣᠯᠠᠨ ᠢ ᠦᠯᠡᠳᠡᠭᠡᠵᠡᠢ᠃ ᠥᠪᠥᠷ ᠮᠣᠩᠭᠣᠯ ᠤᠨ ᠤᠷᠠᠯᠢᠭ᠂ ᠰᠤᠶᠤᠯ ᠤᠨ ᠬᠢᠨ ᠪᠣᠯᠤᠠ ᠤᠳᠬ᠎ᠠ ᠵᠣᠬᠢᠶᠠᠯ ᠤᠨ ᠬᠢᠨ ᠲᠠᠢ ᠵᠣᠭᠣᠭ ᠤᠨ ᠰᠢᠷᠡᠭᠡᠨ ᠦ ᠠᠷᠤ ᠳᠤ ᠡᠩ ᠦᠨ ᠰᠠᠶᠢᠬᠠᠨ ᠶᠠᠷᠢᠶ᠎ᠠ ᠥᠷᠨᠢᠭᠦᠯᠵᠦ ᠰᠠᠭᠤᠬᠤ ᠳᠤ ᠲᠡᠳᠡ ᠭᠣᠣᠯᠳᠠᠭᠤ ᠯᠠ 《ᠮᠠᠨ ᠤ ᠤᠷᠠᠯᠢᠭ ᠲᠠᠨ ᠤ ᠬᠢ ᠠᠴᠠ ᠭᠤᠴᠢᠨ ᠵᠢᠯ ᠢᠶᠡᠷ ᠬᠣᠴᠣᠷᠤᠭᠳᠠᠵᠤ ᠶᠠᠪᠤᠭ᠎ᠠ》 ᠭᠡᠵᠦ ᠬᠡᠯᠡᠳᠡᠭ ᠶᠤᠮ᠃ ᠡᠨᠡ ᠨᠢ ᠤᠳᠬ᠎ᠠ ᠵᠣᠬᠢᠶᠠᠯ᠂ ᠳᠠᠭᠤᠤ ᠬᠥᠭᠵᠢᠮ᠂ ᠳᠠᠭᠤᠤᠷᠢ᠂ ᠪᠠᠯᠧᠲ ᠵᠡᠷᠭᠡ ᠳᠦ ᠬᠠᠮᠢᠶᠠᠷᠬᠤ ᠪᠠᠶᠢᠬᠤ᠃ ᠲᠡᠳᠡᠨ ᠦ ᠤᠷᠠᠨ ᠪᠦᠲᠦᠭᠡᠯ ᠳᠦ ᠰᠤᠶᠤᠯ ᠤᠨ ᠬᠤᠪᠢᠰᠬᠠᠯ ᠭᠡᠭᠴᠢ ᠨᠢ ᠬᠣᠷᠢ ᠭᠤᠴᠢᠨ ᠵᠢᠯ ᠦᠨ ᠵᠠᠢ ᠣᠷᠣᠭᠤᠯᠤᠭᠰᠠᠨ ᠪᠠᠶᠢᠬᠤ ᠦᠨᠳᠦᠰᠦ ᠲᠡᠢ᠃ ᠬᠠᠷᠢᠨ ᠥᠪᠥᠷ ᠮᠣᠩᠭᠣᠯ ᠤᠨ ᠺᠢᠨᠣ᠋ ᠤᠷᠠᠯᠢᠭ ᠮᠠᠨ ᠤ ᠬᠢ ᠠᠴᠠ ᠣᠯᠠᠨ ᠵᠢᠯ ᠢᠶᠡᠷ ᠬᠣᠴᠣᠷᠤᠭᠳᠠᠵᠤ ᠶᠠᠪᠤᠭᠰᠠᠨ ᠴᠤ 1990 ᠣᠨ ᠠᠴᠠ ᠮᠠᠨ ᠤ ᠬᠢ ᠲᠠᠢ ᠡᠩ ᠵᠡᠷᠭᠡᠴᠡᠵᠦ ᠡᠳᠦᠭᠡ ᠣᠯᠠᠨ ᠤᠯᠤᠰ ᠤᠨ ᠺᠢᠨᠣ᠋ ᠨᠠᠭᠠᠳᠤᠮ ᠤᠳ ᠠᠴᠠ ᠠᠯᠲᠠ᠂ ᠮᠥᠩᠭᠥᠨ ᠮᠧᠳᠠᠯ ᠰᠢᠭᠦᠷᠡᠭᠡᠳ ᠢᠷᠡᠳᠡᠭ ᠪᠣᠯᠵᠠᠢ᠃
ᠳᠡᠯᠡᠬᠡᠢ ᠶᠢᠨ ᠺᠢᠨᠣ᠋ ᠤᠷᠠᠯᠢᠭ ᠤᠨ ᠲᠡᠦᠬᠡᠨ ᠳ᠋ᠡᠬᠢ ᠣᠨᠴᠠᠭᠠᠢ ᠪᠠᠭᠠᠲᠤᠷ ᠤᠳ ᠤᠨ ᠨᠢᠭᠡ᠂ ᠵᠥᠪᠯᠡᠯᠲᠦ ᠶᠢᠨ ᠨᠠᠶᠢᠷᠠᠭᠤᠯᠤᠭᠴᠢ ᠠᠨᠳᠠᠷᠢ ᠲᠠᠷᠺᠣᠪᠰᠺᠦ 《ᠺᠢᠨᠣ᠋ ᠪᠣᠯ ᠬᠠᠮᠤᠭ ᠤᠨ ᠠᠵᠠ ᠦᠭᠡᠢ ᠤᠷᠠᠯᠢᠭ》 ᠭᠡᠵᠦ ᠬᠡᠯᠡᠭᠰᠡᠨ ᠪᠠᠶᠢᠳᠠᠭ᠃ ᠡᠨᠡ ᠬᠥᠮᠥᠨ ᠰᠣᠴᠢᠶᠠᠯᠢᠰᠲ ᠨᠡᠶᠢᠭᠡᠮ ᠤᠨ ᠦᠶ᠎ᠡ ᠳᠦ ᠦᠵᠡᠯ ᠪᠣᠳᠣᠯ ᠠᠴᠠ ᠪᠠᠨ ᠪᠣᠯᠵᠤ ᠪᠠᠷᠠᠭᠤᠨ ᠤ ᠣᠷᠣᠨ ᠨᠤᠭᠤᠳ ᠤᠷᠤᠭᠤ ᠳᠦᠷᠪᠡᠭᠰᠡᠨ ᠪᠣᠯᠬᠣᠷ ᠺᠢᠨᠣ᠋ ᠤᠷᠠᠯᠢᠭ ᠢ ᠡᠶᠢᠨᠬᠦ ᠠᠵᠠ ᠦᠭᠡᠢ ᠳ᠋ᠤ ᠲᠣᠭᠠᠴᠠᠭᠰᠠᠨ ᠪᠠᠶᠢᠬᠤ᠃ ᠬᠠᠷᠢᠨ ᠨᠠᠷᠠᠩᠬᠤᠸᠠᠷ ᠤᠨ ᠬᠤᠪᠢ ᠳᠤ ᠺᠣᠮᠮᠤᠶᠢᠨᠢᠰᠲ ᠳᠢᠭᠯᠢᠮ ᠲᠡᠢ ᠠᠭᠤᠤ ᠶᠡᠬᠡ ᠬᠢᠲᠠᠳ ᠭᠦᠷᠦᠨ ᠳᠦ ᠤᠷᠠᠨ ᠪᠦᠲᠦᠭᠡᠯ ᠲᠤᠭᠤᠷᠪᠢᠵᠤ ᠪᠠᠶᠢᠭ᠎ᠠ ᠴᠤ ᠦᠵᠡᠯ ᠪᠣᠳᠣᠯ ᠢᠶᠠᠨ ᠡᠪᠲᠡᠶᠢᠬᠡᠨ ᠣᠶᠢᠯᠠᠭᠠᠭᠤᠯᠤᠭᠠᠳ᠂ ᠺᠢᠨᠣ᠋ ᠤᠷᠠᠯᠢᠭ ᠢ ᠥᠪᠡᠷᠲᠡᠭᠡᠨ ᠠᠵᠠ ᠦᠭᠡᠢ ᠤᠷᠠᠯᠢᠭ ᠪᠢᠰᠢ ᠠᠵᠠ ᠲᠠᠢ ᠤᠷᠠᠯᠢᠭ ᠪᠣᠯᠭᠠᠭᠠᠳ ᠵᠣᠭᠰᠣᠬᠤ ᠦᠭᠡᠢ ᠣᠯᠠᠨ ᠤᠯᠤᠰ ᠤᠨ ᠺᠢᠨᠣ᠋ ᠨᠠᠭᠠᠳᠤᠮ ᠤᠳ ᠲᠤ ᠳᠤᠮᠳᠠᠳᠤ ᠤᠯᠤᠰ ᠪᠣᠯᠤᠨ ᠥᠪᠥᠷ ᠮᠣᠩᠭᠣᠯ ᠢ ᠲᠥᠯᠦᠭᠡᠯᠡᠵᠦ ᠣᠷᠣᠯᠴᠠᠳᠠᠭ 《ᠬᠢᠯᠢ ᠬᠢᠵᠠᠭᠠᠷ ᠦᠭᠡᠢ ᠤᠷᠠᠯᠢᠭ》 ᠪᠣᠯᠭᠠᠵᠤ ᠴᠢᠳᠠᠵᠠᠢ᠃ ᠲᠡᠶᠢᠮᠦ ᠳᠦ ᠪᠡᠨ ᠴᠤ ᠲᠡᠭᠦᠨ ᠢ ᠥᠪᠥᠷ ᠮᠣᠩᠭᠣᠯᠴᠤᠳ ᠲᠡᠳᠦᠢ ᠦᠭᠡᠢ ᠲᠡᠷᠪᠤᠮ ᠭᠠᠷᠤᠢ ᠬᠦᠮᠦᠨ ᠠᠮᠠ ᠲᠠᠢ ᠬᠢᠲᠠᠳ ᠤᠯᠤᠰ ᠬᠦᠨᠳᠦᠯᠡᠨ ᠪᠢᠰᠢᠷᠡᠳᠡᠭ ᠶᠤᠮ ᠪᠠᠶᠢᠨ᠎ᠠ᠃
ᠲᠦᠮᠡᠲᠦ ᠰᠢᠨ᠎ᠡ ᠬᠥᠷᠪᠡᠭᠦᠯᠪᠡ
7
0