ᠠᠮᠸᠷᠢᠺᠠ ᠶᠢᠨ ᠺᠢᠨᠣ᠋ ᠨᠠᠭᠠᠳᠤᠮ ᠡᠴᠡ ᠲᠡᠷᠢᠭᠦᠨ ᠪᠠᠶᠢ᠍ᠷᠢ ᠶᠢᠨ ᠱᠠᠩᠨᠠᠯ ᠬᠦᠷᠲᠡᠭᠰᠡᠨ ᠰᠣᠶᠣᠯᠴᠡᠴᠡᠭ
ᠪ ᠊ ᠣᠶᠢ᠍ᠳᠤᠪ : ᠠᠮᠸᠷᠢᠺᠠ ᠶᠢᠨ ᠺᠢᠨᠣ᠋ ᠨᠠᠭᠠᠳᠤᠮ ᠡᠴᠡ ᠲᠡᠷᠢᠭᠦᠨ ᠪᠠᠶᠢ᠍ᠷᠢ ᠶᠢᠨ ᠱᠠᠩᠨᠠᠯ ᠬᠦᠷᠲᠡᠭᠰᠡᠨ ᠰᠣᠶᠣᠯᠴᠡᠴᠡᠭ
(《ᠮᠣᠩᠭᠣᠯ ᠲᠦᠮᠡᠨ ᠦ ᠪᠠᠬᠠᠷᠬᠠᠯᠳᠤ ᠡᠮᠡᠭᠲᠡᠶᠢᠴᠦᠳ》 ᠨᠣᠮ ᠳᠤ ᠣᠷᠣᠵᠤ ᠪᠤᠢ ᠴᠤᠪᠤᠷᠠᠯ ᠬᠥᠷᠥᠭ-3)
9498
2018-12-16 18:48
发表于:内蒙古
ᠪ ᠊ ᠣᠶᠢ᠍ᠳᠤᠪ : ᠠᠮᠸᠷᠢᠺᠠ ᠶᠢᠨ ᠺᠢᠨᠣ᠋ ᠨᠠᠭᠠᠳᠤᠮ ᠡᠴᠡ ᠲᠡᠷᠢᠭᠦᠨ ᠪᠠᠶᠢ᠍ᠷᠢ ᠶᠢᠨ ᠱᠠᠩᠨᠠᠯ ᠬᠦᠷᠲᠡᠭᠰᠡᠨ ᠰᠣᠶᠣᠯᠴᠡᠴᠡᠭ
(《ᠮᠣᠩᠭᠣᠯ ᠲᠦᠮᠡᠨ ᠦ ᠪᠠᠬᠠᠷᠬᠠᠯᠳᠤ ᠡᠮᠡᠭᠲᠡᠶᠢᠴᠦᠳ》 ᠨᠣᠮ ᠳᠤ ᠣᠷᠣᠵᠤ ᠪᠤᠢ ᠴᠤᠪᠤᠷᠠᠯ ᠬᠥᠷᠥᠭ-3)
ᠦᠵᠡᠳᠡᠭ᠂ ᠰᠣᠨᠣᠰᠳᠠᠭ᠂ ᠠᠯᠠᠭ᠎ᠠ ᠲᠠᠰᠢᠳᠠᠭ᠂ ᠤᠷᠮ᠎ᠠ ᠵᠣᠷᠢᠭ ᠨᠢ ᠪᠠᠳᠠᠷᠠᠳᠠᠭ᠂ ᠡᠰᠡᠪᠡᠯ ᠠᠭᠤᠷ ᠴᠢᠬᠤᠯ ᠨᠢ ᠬᠦᠷᠪᠡᠯ ᠥᠨᠳᠡᠭᠡ ᠰᠢᠳᠡᠳᠡᠭ ᠦᠵᠡᠭᠴᠢᠳ ᠦᠭᠡᠢ ᠪᠡᠷ ᠺᠢᠨᠣ᠋ ᠭᠡᠳᠡᠭ ᠪᠣᠯ ᠶᠡᠷᠦ ᠳᠡᠭᠡᠨ ᠯᠠ ᠬᠣᠭᠣᠰᠣᠨ ᠰᠠᠷᠠᠪᠴᠢᠨ ᠤ ᠬᠠᠨᠠᠨ ᠳᠡᠭᠡᠷ᠎ᠡ ᠡᠷᠢᠶᠡᠯᠵᠢᠯᠡᠬᠦ ᠰᠡᠭᠦᠳᠡᠷ ᠲᠡᠳᠦᠢ ᠭᠡᠳᠡᠭ ᠪᠢᠯᠡ᠃ ᠲᠡᠶᠢᠮᠦ ᠳᠦ ᠪᠡᠨ ᠴᠤ ᠰᠢᠨ᠎ᠡ ᠰᠠᠨᠠᠭ᠎ᠠ ᠬᠠᠮᠢᠭ᠎ᠠ ᠪᠠᠶᠢᠨ᠎ᠠ᠂ ᠦᠵᠡᠭᠴᠢᠳ ᠢ ᠲᠠᠲᠠᠬᠤ ᠰᠣᠨᠢᠷᠬᠠᠯᠲᠠᠢ ᠰᠡᠳᠦᠪ ᠬᠠᠮᠢᠭ᠎ᠠ ᠪᠠᠶᠢᠨ᠎ᠠ᠂ ᠲᠠᠨᠢᠨ ᠮᠡᠳᠡᠬᠦᠢ ᠪᠣᠯᠤᠠ ᠤᠬᠠᠭᠤᠯᠤᠨ ᠰᠡᠩᠬᠡᠷᠡᠭᠦᠯᠬᠦ ᠦᠢᠯᠡ ᠶᠠᠪᠤᠴᠠ ᠬᠠᠮᠢᠭ᠎ᠠ᠂ ᠬᠡᠳᠦᠢ ᠳᠦ᠂ ᠶᠠᠮᠠᠷ ᠬᠡᠮᠵᠢᠶᠡᠨ ᠳᠦ ᠥᠷᠨᠢᠵᠦ ᠮᠡᠳᠡᠬᠦ ᠪᠡᠷ ᠪᠠᠶᠢᠨ᠎ᠠ᠂ ᠲᠡᠷᠡ ᠪᠦᠬᠦᠨ ᠢ ᠺᠢᠨᠣ᠋ ᠪᠦᠲᠦᠭᠡᠭᠴᠢᠳ ᠰᠣᠷᠭᠣᠭ ᠢᠶᠠᠷ ᠲᠤᠰᠬᠠᠵᠤ ᠠᠪᠬᠤ ᠴᠢᠳᠠᠪᠤᠷᠢ ᠲᠠᠢ ᠪᠠᠶᠢᠬᠤ ᠶᠣᠰᠣᠲᠠᠢ᠃ ᠡᠨᠡ ᠪᠦᠬᠦ ᠦᠨᠡᠯᠡᠮᠵᠢ ᠶᠢ ᠺᠢᠨᠣ᠋ ᠤᠷᠠᠯᠢᠭ ᠲᠤ ᠵᠠᠭᠤᠨ ᠬᠤᠪᠢ ᠬᠡᠷᠡᠭᠵᠢᠭᠦᠯᠵᠦ ᠴᠢᠳᠠᠭᠰᠠᠨ ᠨᠢᠭᠡᠨ ᠠᠪᠢᠶᠠᠰᠯᠢᠭ ᠨᠠᠶᠢᠷᠠᠭᠤᠯᠤᠭᠴᠢ ᠶᠢᠨ ᠲᠤᠬᠠᠢ ᠦᠭᠦᠯᠡᠶ᠎ᠡ᠃ ᠲᠡᠷᠡ ᠪᠣᠯ ᠥᠪᠥᠷ ᠮᠣᠩᠭᠣᠯ ᠤᠨ ᠺᠢᠨᠣ᠋ ᠨᠠᠶᠢᠷᠠᠭᠤᠯᠤᠭᠴᠢ᠂ ᠫᠷᠣᠳᠢᠶᠦ᠋ᠰᠧᠷ᠂ ᠵᠦᠴᠦᠭᠡᠴᠢᠨ ᠰᠤᠶᠤᠯᠴᠡᠴᠡᠭ ᠪᠥᠭᠡᠳ ᠪᠢ ᠪᠡᠷ ᠲᠡᠭᠦᠨ ᠲᠡᠢ ᠤᠷᠳᠤ ᠬᠥᠷᠰᠢ ᠳᠦ ᠳᠥᠷᠪᠡᠨ ᠴᠤ ᠤᠳᠠᠭ᠎ᠠ ᠠᠭᠤᠯᠵᠠᠭᠰᠠᠨ ᠶᠤᠮ᠃
2014 ᠣᠨ ᠤ 4 ᠍ ᠳᠦᠭᠡᠷ ᠰᠠᠷ᠎ᠠ ᠶᠢᠨ 6 ᠍ ᠳᠦ ᠠᠮᠧᠷᠢᠺᠠ ᠶᠢᠨ ᠨᠢᠭᠡᠳᠦᠭᠰᠡᠨ ᠤᠯᠤᠰ ᠤᠨ ᠯᠣᠰ-ᠠᠨᠵᠧᠯᠣᠰ ᠬᠣᠲᠠ ᠳ᠋ᠤ ᠪᠣᠯᠤᠭᠰᠠᠨ ᠳᠡᠯᠡᠬᠡᠢ ᠶᠢᠨ ᠺᠢᠨᠣ᠋ ᠨᠠᠭᠠᠳᠤᠮ ᠳᠤ ᠣᠯᠠᠨ ᠤᠯᠤᠰ ᠤᠨ 300 ᠭᠠᠷᠤᠢ ᠺᠢᠨᠣ᠋ ᠣᠷᠣᠯᠴᠠᠭᠰᠠᠨ ᠠᠴᠠ ᠥᠪᠥᠷ ᠮᠣᠩᠭᠣᠯ ᠤᠨ ᠨᠠᠶᠢᠷᠠᠭᠤᠯᠤᠭᠴᠢ ᠰᠤᠶᠤᠯᠴᠡᠴᠡᠭ ᠦᠨ ᠪᠦᠲᠦᠭᠡᠭᠰᠡᠨ ᠺᠢᠨᠣ᠋ ᠲᠡᠷᠢᠭᠦᠨ ᠪᠠᠶᠢᠷᠢᠨ ᠳᠤ ᠰᠢᠯᠭᠠᠷᠴᠣ᠂ ᠳᠡᠯᠡᠬᠡᠢ ᠳᠠᠶᠠᠭᠠᠷ ᠤᠯᠤᠰ ᠣᠷᠣᠨ ᠢᠶᠠᠨ ᠮᠠᠨᠳᠤᠭᠤᠯᠵᠤ᠂ ᠠᠯᠲᠠᠨ ᠴᠣᠮᠣ ᠭᠠᠷᠳᠠᠨ ᠠᠪᠴᠤ ᠪᠠᠶᠢᠭᠰᠠᠨ ᠭᠠᠶᠢᠬᠠᠮ᠎ᠠ ᠲᠡᠦᠬᠡ ᠶᠢ ᠮᠠᠷᠲᠠᠵᠤ ᠦᠯᠦ ᠪᠣᠯᠤᠨ᠎ᠠ᠃ ᠮᠥᠨ ᠬᠦ ᠺᠢᠨᠣ᠋ ᠨᠢ 《ᠲᠠᠯ᠎ᠠ ᠨᠤᠲᠤᠭ ᠤᠨ ᠪᠢᠴᠢᠬᠠᠨ ᠪᠠᠭᠠᠲᠤᠷ ᠡᠭᠡᠴᠢ᠂ ᠳᠡᠭᠦᠥᠰ》 ᠭᠡᠰᠡᠨ ᠨᠡᠷ᠎ᠡ ᠲᠡᠢ᠃ ᠡᠨᠡ ᠺᠢᠨᠣ᠋ ᠍ ᠪᠠᠨ ᠰᠤᠶᠤᠯᠴᠡᠴᠡᠭ 20 ᠍ ᠳᠦᠭᠠᠷ ᠵᠠᠭᠤᠨ ᠤ ᠵᠢᠷᠠᠭᠠᠳ ᠣᠨ ᠳᠤ ᠥᠪᠥᠷ ᠮᠣᠩᠭᠣᠯ ᠤᠨ ᠬᠥᠳᠡᠭᠡ ᠨᠤᠲᠤᠭ ᠲᠤ ᠪᠣᠯᠤᠭᠰᠠᠨ ᠨᠢᠭᠡᠨ ᠡᠮᠭᠡᠨᠢᠯᠳᠦ ᠶᠠᠪᠤᠳᠠᠯ ᠠᠴᠠ ᠰᠡᠳᠦᠪᠯᠡᠵᠡᠢ᠃ ᠠᠷᠪᠠᠨ ᠬᠣᠶᠠᠷ ᠨᠠᠰᠤᠲᠠᠢ ᠯᠤᠢᠩ ᠮᠸᠢ᠂ ᠶᠢᠰᠦᠨ ᠨᠠᠰᠤᠲᠠᠢ ᠢᠦᠢ ᠷᠥᠩ ᠭᠡᠳᠡᠭ ᠡᠭᠡᠴᠢ ᠳᠡᠭᠦᠦ ᠬᠣᠶᠠᠷ ᠬᠥᠳᠡᠭᠡ ᠬᠣᠨᠢ ᠪᠠᠨ ᠬᠠᠷᠢᠭᠤᠯᠵᠤ ᠶᠠᠪᠤᠬᠤ ᠳᠤ ᠪᠠᠨ ᠬᠦᠴᠦᠲᠡᠢ ᠴᠠᠰᠤᠨ ᠰᠢᠭᠤᠷᠭᠠᠨ ᠳᠤ ᠥᠷᠲᠥᠵᠦ᠂ ᠠᠮᠢ ᠨᠠᠰᠤ ᠪᠠᠨ ᠴᠤ ᠦᠯᠦ ᠬᠠᠶᠢᠬᠤᠷᠤᠨ ᠤᠯᠤᠰ ᠨᠡᠶᠢᠭᠡᠮ ᠤᠨ ᠡᠮᠦᠨ᠎ᠡ ᠪᠠᠭᠠᠲᠤᠷᠯᠢᠭ ᠭᠠᠪᠢᠶ᠎ᠠ ᠪᠠᠶᠢᠭᠤᠯᠵᠠᠢ᠃ ᠡᠭᠡᠴᠢ ᠳᠡᠭᠦᠦ ᠬᠣᠶᠠᠷ ᠢ ᠡᠷᠢᠯ ᠦᠨ ᠬᠦᠮᠦᠰ 24 ᠴᠠᠭ ᠤᠨ ᠳᠠᠷᠠᠭ᠎ᠠ ᠬᠠᠶᠢᠵᠤ ᠣᠯᠬᠤ ᠳᠤ ᠡᠭᠡᠴᠢ ᠶᠢᠨ ᠬᠢ ᠨᠢ ᠬᠥᠯ ᠦᠨ ᠭᠤᠷᠪᠠᠨ ᠬᠤᠷᠤᠭᠤ᠂ ᠳᠡᠭᠦᠦ ᠶᠢᠨ ᠬᠢ ᠨᠢ ᠬᠣᠶᠠᠷ ᠬᠥᠯ ᠬᠥᠯᠳᠡᠴᠢᠬᠡᠭᠰᠡᠨ᠂ ᠡᠭᠡᠭᠡ ᠲᠡᠢ ᠯᠠ ᠣᠰᠤᠭᠤᠵᠤ ᠦᠬᠦᠬᠦ ᠶᠢᠨ ᠳᠠᠪᠠᠭᠠᠨ ᠳᠡᠭᠡᠷ᠎ᠡ ᠪᠠᠶᠢᠭᠰᠠᠨ ᠪᠥᠭᠡᠳ ᠬᠠᠮᠤᠭ ᠤᠨ ᠭᠣᠣᠯ ᠨᠢ ᠲᠡᠳᠡ ᠬᠣᠨᠢ ᠮᠠᠯ ᠢᠶᠠᠨ ᠡᠰᠡᠨ ᠮᠡᠨᠳᠦ ᠠᠪᠴᠤ ᠭᠠᠷᠴᠤ ᠴᠢᠳᠠᠭᠰᠠᠨ ᠳᠤ ᠪᠠᠶᠢᠯ᠎ᠠ᠃ ᠳᠠᠰᠢᠷᠠᠮ ᠳᠤ ᠥᠭᠥᠯᠡᠬᠦ ᠳᠦ ᠵᠢᠷᠠᠭᠠᠳ ᠣᠨ ᠤ ᠲᠡᠷᠡ ᠡᠭᠡᠴᠢ᠂ ᠳᠡᠭᠦᠦ ᠬᠣᠶᠠᠷ ᠡᠳᠦᠭᠡ ᠴᠤ ᠡᠩᠬᠡ ᠲᠤᠩᠬ᠎ᠠ ᠪᠠᠶᠢᠭ᠎ᠠ ᠪᠥᠭᠡᠳ ᠡᠭᠡᠴᠢ ᠯᠤᠢᠩ ᠮᠸᠢ ᠨᠢ ᠥᠪᠥᠷ ᠮᠣᠩᠭᠣᠯ ᠤᠨ ᠤᠯᠤᠰ ᠲᠥᠷᠥ ᠶᠢᠨ ᠲᠣᠪᠴᠢᠶᠠᠨ ᠤ ᠲᠢᠩᠬᠢᠮ ᠦᠨ ᠳᠠᠷᠤᠭ᠎ᠠ ᠪᠠᠷ ᠠᠵᠢᠯᠯᠠᠵᠤ ᠪᠠᠶᠢᠭᠠᠳ᠂ ᠳᠡᠭᠦᠦ ᠢᠦᠢ᠌ ᠷᠥᠩ ᠨᠢ ᠬᠢᠮᠡᠯ ᠬᠥᠯᠲᠡᠢ ᠪᠣᠯᠤᠭᠰᠠᠨ ᠴᠤ ᠪᠤᠭᠤᠳᠤ ᠬᠣᠲᠠ ᠶᠢᠨ ᠬᠥᠭᠵᠢᠯ ᠦᠨ ᠪᠡᠷᠬᠡᠰᠢᠶᠡᠯ ᠲᠡᠢ ᠢᠷᠭᠡᠳ ᠦᠨ ᠬᠥᠳᠡᠯᠮᠦᠷᠢ ᠡᠷᠬᠢᠯᠡᠬᠦ ᠭᠠᠵᠠᠷ ᠲᠤ ᠠᠵᠢᠯᠯᠠᠵᠤ ᠪᠠᠶᠢᠭᠠᠳ ᠲᠤᠰ ᠲᠤᠰ ᠭᠠᠪᠢᠶᠠᠨ ᠤ ᠬᠢ ᠪᠠᠨ ᠠᠮᠠᠷᠠᠯᠲᠠᠨ ᠳᠤ ᠭᠠᠷᠴᠠᠭᠠᠵᠠᠢ᠃
ᠬᠥᠯ ᠭᠠᠷ ᠢᠶᠠᠨ ᠬᠥᠯᠳᠡᠭᠡᠨ ᠪᠠᠶᠢᠵᠤ ᠪᠠᠶᠢᠭᠠᠯᠢ ᠶᠢᠨ ᠭᠠᠮᠰᠢᠭ ᠲᠠᠢ ᠠᠮᠢ ᠥᠷᠢᠰᠦᠨ ᠲᠡᠮᠡᠴᠡᠭᠰᠡᠨ ᠡᠨᠡᠬᠦ ᠡᠭᠡᠴᠢ᠂ ᠳᠡᠭᠦᠦ ᠬᠣᠶᠠᠷ ᠤᠨ ᠲᠡᠰᠪᠦᠷᠢ ᠬᠠᠲᠠᠭᠤᠵᠢᠯ᠂ ᠪᠠᠭᠠᠲᠤᠷᠯᠢᠭ ᠵᠣᠷᠢᠭ᠂ ᠪᠠᠰᠠ ᠪᠡᠶ᠎ᠡ ᠪᠡᠶ᠎ᠡ ᠢᠶᠡᠨ ᠦᠬᠦᠯ᠂ ᠣᠰᠣᠯ ᠠᠴᠠ ᠠᠪᠤᠷᠠᠨ ᠬᠠᠮᠠᠭᠠᠯᠠᠬᠤ ᠭᠡᠰᠡᠨ ᠬᠠᠯᠠᠮᠵᠢ ᠬᠠᠶᠢᠷ᠎ᠠ ᠲᠤᠬᠠᠢ ᠶᠢᠨ ᠴᠠᠭ ᠤᠨ ᠺᠢᠨᠣ᠋ ᠪᠦᠲᠦᠭᠡᠭᠴᠢᠳ ᠦᠨ ᠠᠩᠬᠠᠷᠤᠯ ᠢ ᠲᠠᠲᠠᠵᠤ᠂ ᠲᠡᠳᠡ ᠡᠨᠡ ᠰᠡᠳᠦᠪ ᠢᠶᠡᠷ ᠬᠡᠦᠬᠡᠯᠳᠡᠢ ᠶᠢᠨ ᠺᠢᠨᠣ᠋ ᠬᠢᠭᠰᠡᠨ ᠢᠶᠡᠷ ᠳᠤᠮᠳᠠᠳᠤ ᠤᠯᠤᠰ ᠤᠨ ᠬᠡᠦᠬᠡᠳ᠂ ᠵᠠᠯᠠᠭᠤᠰ ᠤᠨ ᠰᠡᠳᠬᠢᠯ ᠵᠢᠷᠦᠬᠡ ᠶᠢ ᠨᠢᠭᠡ ᠬᠡᠰᠡᠭ ᠲᠦ ᠪᠡᠨ ᠯᠠ ᠡᠵᠡᠮᠳᠡᠵᠡᠢ᠃ ᠬᠠᠷᠢᠨ ᠡᠭᠦᠨ ᠢ ᠤᠷᠠᠨ ᠰᠠᠶᠢᠬᠠᠨ ᠤ ᠺᠢᠨᠣ᠋ ᠪᠣᠯᠭᠠᠬᠤ ᠰᠡᠳᠥᠯ ᠰᠠᠨᠠᠭ᠎ᠠ ᠲᠤᠬᠠᠢ ᠶᠢᠨ ᠦᠶ᠎ᠡ ᠳᠦ ᠪᠣᠯᠤᠭᠠᠳ ᠲᠡᠭᠦᠨ ᠡᠴᠡ ᠬᠣᠶᠢᠰᠢᠬᠢ ᠲᠠᠪᠢ ᠭᠠᠷᠤᠢ ᠵᠢᠯ ᠦᠨ ᠬᠤᠭᠤᠴᠠᠭᠠᠨ ᠳᠤ ᠶᠠᠮᠠᠷ ᠴᠤ ᠨᠠᠶᠢᠷᠠᠭᠤᠯᠤᠭᠴᠢ ᠶᠢᠨ ᠰᠡᠳᠬᠢᠬᠦᠢ ᠳᠦ ᠤᠷᠭᠤᠵᠤ ᠪᠠᠭᠤᠭᠰᠠᠨ ᠦᠭᠡᠢ᠃
ᠨᠡᠶᠢᠭᠡᠮ ᠰᠣᠯᠢᠭᠳᠠᠯ᠎ᠠ ᠴᠤ ᠦᠨ᠎ᠡ ᠴᠡᠨ᠎ᠡ ᠪᠡᠨ ᠠᠯᠳᠠᠳᠠᠭ ᠦᠭᠡᠢ᠂ ᠪᠣᠳᠠᠲᠤ ᠠᠮᠢᠳᠤᠷᠠᠯ ᠪᠣᠯᠤᠠ ᠦᠯᠢᠭᠡᠷ ᠳᠣᠮᠣᠭ ᠤᠨ ᠪᠠᠭᠠᠲᠤᠷ ᠨᠢ ᠰᠢᠨᠡᠬᠡᠨ ᠨᠡᠶᠢᠭᠡᠮ ᠳᠦ ᠳᠠᠬᠢᠨ ᠰᠢᠨ᠎ᠡ ᠪᠡᠷ ᠠᠮᠢᠳᠤᠷᠠᠵᠤ᠂ ᠨᠢᠭᠡ ᠶᠣᠰᠣᠨ ᠳᠤ ᠪᠠᠨ ᠬᠤᠪᠢᠷᠠᠯ᠂ ᠠᠭᠤᠯᠤᠮᠵᠢ ᠰᠠᠶᠢᠲᠠᠢ᠂ ᠬᠤᠪᠢᠰᠤᠨ ᠥᠭᠡᠷᠡᠴᠢᠯᠡᠭᠳᠡᠵᠦ ᠪᠤᠢ ᠨᠥᠬᠥᠴᠡᠯ ᠪᠠᠶᠢᠳᠠᠯ ᠳᠤ ᠬᠤᠷᠳᠤᠨ ᠵᠣᠬᠢᠴᠠᠬᠤ ᠴᠢᠳᠠᠪᠤᠷᠢ ᠲᠠᠢ᠂ ᠲᠡᠶᠢᠮᠦ ᠨᠢᠭᠡᠨ ᠭᠣᠴᠣ ᠦᠢᠯᠡ ᠶᠠᠪᠤᠳᠠᠯ ᠮᠡᠷ ᠰᠡᠷ ᠪᠠᠶᠢᠳᠠᠭ᠃ ᠲᠡᠷᠡ ᠪᠣᠯ ᠵᠢᠷᠠᠭᠠᠳ ᠣᠨ ᠤ ᠦᠶ᠎ᠡ ᠳᠦ ᠲᠣᠬᠢᠶᠠᠭᠰᠠᠨ ᠡᠭᠡᠴᠢ ᠳᠡᠭᠦᠦ ᠬᠣᠶᠠᠷ ᠤᠨ ᠳᠡᠭᠡᠷᠡᠬᠢ ᠶᠠᠪᠤᠳᠠᠯ ᠪᠥᠭᠡᠳ ᠬᠠᠷᠢᠨ ᠡᠭᠦᠨ ᠢ ᠤᠷᠠᠨ ᠰᠠᠶᠢᠬᠠᠨ ᠤ ᠠᠷᠭ᠎ᠠ ᠪᠠᠷ ᠺᠢᠨᠣ᠋ ᠤᠷᠠᠯᠢᠭ ᠲᠤ ᠮᠥᠩᠬᠡᠯᠡᠵᠦ᠂ ᠣᠷᠴᠢᠨ ᠴᠠᠭ ᠤᠨ ᠬᠥᠮᠥᠨ ᠦ ᠰᠡᠳᠬᠢᠯ ᠢ ᠬᠥᠳᠡᠯᠭᠡᠵᠦ ᠴᠢᠳᠠᠭᠰᠠᠨ ᠬᠦᠮᠦᠨ ᠪᠣᠯ ᠨᠠᠶᠢᠷᠠᠭᠤᠯᠤᠭᠴᠢ ᠰᠤᠶᠤᠯᠴᠡᠴᠡᠭ ᠪᠠᠶᠢᠯ᠎ᠠ᠃ ᠦᠨᠡᠨ ᠳᠦ ᠪᠡᠨ 《ᠲᠠᠯ᠎ᠠ ᠨᠤᠲᠤᠭ ᠤᠨ ᠪᠢᠴᠢᠬᠠᠨ ᠪᠠᠭᠠᠲᠤᠷ ᠡᠭᠡᠴᠢ᠂ ᠳᠡᠭᠦᠥᠰ》 ᠺᠢᠨᠣ᠋ ᠨᠢ ᠪᠣᠳᠣᠷᠠᠯ᠂ ᠡᠮᠵᠡᠭᠯᠡᠯ᠂ ᠤᠬᠠᠭᠠᠷᠠᠯ᠂ ᠰᠡᠬᠡᠭᠡᠷᠡᠯ ᠳᠠᠭᠠᠭᠤᠯᠤᠭᠰᠠᠭᠠᠷ ᠭᠠᠷᠠᠭ ᠶᠢᠷᠲᠢᠨᠴᠦ ᠶᠢᠨ ᠦᠵᠡᠭᠴᠢᠳ ᠦᠨ ᠵᠢᠷᠦᠬᠡ ᠰᠡᠳᠬᠢᠯ ᠳᠤᠮᠳᠠᠭᠤᠷ ᠲᠠᠭᠤᠴᠢᠨ ᠭᠠᠷᠴᠤ ᠢᠷᠡᠭᠰᠡᠨ ᠰᠣᠳᠣ ᠪᠦᠲᠦᠭᠡᠯ ᠶᠤᠮᠰᠠᠨᠵᠡᠢ᠃ ᠡᠨᠳᠡ ᠯᠠ ᠴᠤᠬᠤᠮ ᠺᠢᠨᠣᠨ ᠤ ᠵᠣᠬᠢᠶᠠᠯᠴᠢ᠂ ᠨᠠᠶᠢᠷᠠᠭᠤᠯᠤᠭᠴᠢ᠂ ᠵᠦᠴᠦᠭᠡᠴᠢᠨ ᠬᠦᠮᠦᠨ ᠦ ᠠᠪᠢᠶᠠᠰ ᠪᠢᠯᠢᠭ᠂ ᠤᠷᠠᠨ ᠴᠢᠳᠠᠪᠤᠷᠢ ᠣᠷᠣᠰᠢᠨᠠᠮ᠃
ᠠᠷᠠᠯᠵᠢᠶᠠᠨ ᠤ ᠵᠠᠬ᠎ᠠ ᠵᠡᠭᠡᠯᠢ ᠡᠴᠡ ᠭᠠᠳᠠᠨ᠎ᠠ ᠲᠤᠬᠠᠢ ᠶᠢᠨ ᠤᠯᠤᠰ ᠣᠷᠣᠨ ᠪᠦᠷᠢ ᠶᠢᠨ ᠦᠨᠳᠦᠰᠦᠨ ᠦ ᠴᠢᠨᠰᠠᠭ᠎ᠠ ᠲᠠᠢ ᠪᠦᠲᠦᠭᠡᠯ ᠢ ᠣᠯᠠᠨ ᠤᠯᠤᠰ ᠲᠤ ᠲᠠᠨᠢᠭᠤᠯᠬᠤ᠂ ᠺᠢᠨᠣ᠋ ᠤᠷᠠᠯᠢᠭ ᠤᠨ ᠰᠡᠭᠦᠯ ᠦᠨ ᠦᠶ᠎ᠡ ᠶᠢᠨ ᠣᠯᠤᠯᠲᠠ᠂ ᠴᠢᠭ ᠬᠠᠨᠳᠤᠯᠭ᠎ᠠ ᠶᠢ ᠰᠣᠶᠣᠯᠲᠤ ᠬᠦᠮᠦᠨ ᠲᠥᠷᠥᠯᠬᠢᠲᠡᠨ ᠳᠦ ᠮᠡᠳᠡᠷᠡᠭᠦᠯᠬᠦ᠂ ᠺᠢᠨᠣ᠋ ᠪᠣᠯᠪᠠᠰᠤᠷᠠᠯ ᠣᠯᠭᠣᠬᠤ ᠵᠡᠷᠭᠡ ᠪᠡᠷ ᠰᠤᠷᠲᠠᠯᠴᠢᠯᠠᠨ ᠲᠠᠨᠢᠭᠤᠯᠬᠤ ᠭᠣᠣᠯ ᠬᠥᠰᠢᠭᠦᠷᠭᠡ ᠨᠢ ᠣᠯᠠᠨ ᠤᠯᠤᠰ ᠤᠨ ᠺᠢᠨᠣ᠋ ᠨᠠᠭᠠᠳᠤᠮ ᠤᠳ ᠪᠠᠶᠢᠳᠠᠭ᠃ ᠰᠡᠭᠦᠯ ᠦᠨ ᠵᠢᠯ ᠦᠳ ᠲᠦ ᠬᠢᠲᠠᠳ ᠤᠨ ᠺᠢᠨᠣᠴᠢᠳ ᠣᠯᠠᠨ ᠤᠯᠤᠰ ᠤᠨ ᠺᠢᠨᠣ᠋ ᠨᠠᠭᠠᠳᠤᠮ ᠤᠳ ᠲᠤ ᠪᠦᠲᠦᠭᠡᠯ ᠢᠶᠡᠨ ᠰᠣᠶᠢᠵᠤ ᠤᠷᠤᠯᠳᠤᠭᠤᠯᠬᠤ ᠨᠢ ᠶᠡᠬᠡ ᠪᠣᠯᠤᠭᠰᠠᠨ ᠪᠥᠭᠡᠳ ᠡᠭᠦᠨ ᠦ ᠦᠷ᠎ᠡ ᠪᠡᠷ ᠳᠡᠯᠡᠬᠡᠢ ᠶᠢᠨ ᠺᠢᠨᠣ᠋ ᠲᠢᠶᠠᠲ᠋ᠷ ᠤᠳ ᠠᠴᠠ ᠣᠯᠤᠭᠰᠠᠨ ᠣᠷᠣᠯᠭ᠎ᠠ ᠪᠠᠷ ᠢᠶᠠᠨ ᠬᠢᠲᠠᠳ ᠤᠯᠤᠰ ᠠᠮᠧᠷᠢᠺᠠ ᠶᠢᠨ ᠳᠠᠷᠠᠭ᠎ᠠ ᠵᠢᠭᠰᠠᠳᠠᠭ ᠪᠣᠯᠵᠠᠢ᠃ ᠨᠡᠭᠡᠷᠡᠨ ᠴᠤ ᠲᠤᠰ ᠤᠯᠤᠰ ᠤᠨ ᠺᠢᠨᠣ᠋ ᠲᠢᠶᠠᠲ᠋ᠷ ᠤᠨ ᠣᠷᠣᠯᠭ᠎ᠠ ᠵᠢᠯ ᠳᠦ ᠳᠥᠷᠪᠡᠨ ᠲᠡᠷᠪᠤᠮ ᠳ᠋ᠣᠯᠯᠠᠷ ᠠᠴᠠ ᠳᠠᠪᠠᠭᠰᠠᠨ ᠭᠡᠬᠦ ᠪᠥᠭᠡᠳ ᠠᠽᠢᠶ᠎ᠠ ᠶᠢᠨ ᠪᠥᠰᠡ ᠨᠤᠲᠤᠭ ᠲᠤ ᠪᠣᠯ ᠡᠭᠦᠪᠡᠷ ᠢᠶᠡᠨ ᠬᠡᠳᠦᠨ ᠵᠢᠯ ᠦᠨ ᠲᠤᠷᠰᠢ ᠮᠠᠩᠯᠠᠶᠢᠯᠠᠵᠤ᠂ ᠳᠣᠷᠣᠨ᠎ᠠ ᠳ᠋ᠠᠬᠢᠨ ᠤ ᠺᠢᠨᠣ᠋ ᠵᠠᠬ᠎ᠠ ᠵᠡᠭᠡᠯᠢ ᠶᠢ ᠡᠵᠡᠩᠨᠡᠬᠦ ᠪᠣᠯᠵᠠᠢ᠃ ᠬᠠᠷᠢᠨ ᠡᠨᠡ ᠵᠠᠪᠰᠢᠶᠠᠨ ᠳᠣᠣᠷ᠎ᠠ ᠥᠪᠥᠷ ᠮᠣᠩᠭᠣᠯ ᠤᠨ ᠨᠠᠶᠢᠷᠠᠭᠤᠯᠤᠭᠴᠢ ᠰᠤᠶᠤᠯᠴᠡᠴᠡᠭ ᠥᠪᠡᠷ ᠲᠦ ᠨᠢᠭᠤᠭᠳᠠᠨ ᠪᠤᠢ ᠰᠢᠳᠡ ᠴᠢᠳᠠᠯ ᠢᠶᠠᠨ ᠬᠠᠷᠠᠭᠤᠯᠵᠤ ᠴᠢᠳᠠᠭᠰᠠᠨ ᠨᠢ ᠭᠠᠶᠢᠬᠠᠯᠲᠠᠢ᠃ ᠭᠡᠬᠦ ᠳᠦ ᠪᠡᠨ ᠲᠡᠷᠡ ᠺᠢᠨᠣ᠋ ᠪᠦᠲᠥᠭᠡᠬᠦ ᠳᠦ ᠪᠡᠨ ᠤᠯᠤᠰ ᠨᠡᠶᠢᠭᠡᠮ ᠡᠴᠡ ᠶᠠᠮᠠᠷ ᠴᠤ ᠰᠠᠩᠬᠦᠵᠢᠯᠲᠡ ᠠᠪᠤᠭᠰᠠᠨ ᠦᠭᠡᠢ᠃ ᠺᠢᠨᠣᠨ ᠤ ᠪᠦᠬᠦ ᠵᠠᠷᠤᠳᠠᠯ ᠢ ᠬᠤᠪᠢ ᠠᠴᠠ ᠪᠠᠨ ᠭᠠᠷᠭᠠᠵᠤ᠂ ᠶᠠᠮᠠᠷ ᠰᠠᠶᠢᠨ ᠳᠤ ᠪᠠᠨ ᠯᠠ ᠮᠥᠩᠭᠥ ᠲᠥᠭᠥᠷᠢᠭ ᠨᠢ ᠬᠦᠷᠦᠯᠴᠡᠬᠦ ᠦᠭᠡᠢ ᠶᠠᠪᠤᠭᠰᠠᠭᠠᠷ ᠵᠢᠷᠤᠭ ᠠᠪᠤᠯᠲᠠ ᠨᠢ ᠬᠣᠶᠠᠷ ᠴᠤ ᠡᠪᠦᠯ ᠢ ᠳᠠᠮᠨᠠᠵᠤ᠂ ᠭᠤᠷᠪᠠ ᠳᠠᠬᠢ ᠡᠪᠦᠯ ᠳᠦ ᠪᠡᠨ ᠺᠢᠨᠣ᠋ ᠍ ᠪᠠᠨ ᠭᠦᠢᠴᠡᠭᠡᠵᠦ ᠬᠢᠭᠰᠡᠨ ᠪᠠᠶᠢᠨ᠎ᠠ᠃ ᠬᠦᠮᠦᠨ ᠦ ᠬᠦᠴᠦᠨ ᠮᠡᠬᠦᠰᠳᠡᠵᠦ᠂ ᠬᠣᠶᠠᠷ ᠵᠢᠭᠠᠬᠠᠨ ᠥᠬᠢᠨ ᠪᠠᠶᠢᠭᠠᠯᠢ ᠶᠢᠨ ᠭᠠᠮᠰᠢᠭ ᠲᠠᠢ ᠬᠡᠷᠬᠢᠨ ᠲᠡᠮᠡᠴᠡᠵᠦ᠂ ᠬᠣᠨᠢᠨ ᠰᠦᠷᠦᠭ ᠢᠶᠡᠨ ᠡᠰᠡᠨ ᠮᠡᠨᠳᠦ ᠠᠪᠴᠤ ᠦᠯᠡᠳᠡᠵᠦ ᠪᠤᠢ ᠶᠢ ᠬᠠᠷᠠᠭᠤᠯᠬᠤ ᠪᠠᠷ ᠬᠠᠬᠢᠷ ᠬᠦᠢᠲᠡᠨ ᠡᠪᠦᠯ ᠦᠨ ᠨᠢᠳᠦ ᠨᠢᠭᠤᠷ ᠦᠭᠡᠢ ᠰᠢᠭᠤᠷᠠᠬᠤ ᠴᠠᠰᠤᠨ ᠰᠢᠭᠤᠷᠭ᠎ᠠ ᠲᠠᠢ ᠥᠷᠢᠰᠦᠯᠳᠦᠨ ᠪᠠᠶᠢᠵᠤ ᠺᠢᠨᠣ᠋ ᠵᠢᠷᠤᠭ ᠠᠪᠴᠤ᠂ ᠲᠡᠷᠡ ᠬᠦ ᠵᠢᠬᠡᠭᠦᠨ ᠬᠦᠢᠲᠡᠨ ᠤᠷᠴᠢᠨ ᠳᠤ ᠵᠦᠴᠦᠭᠡᠴᠢᠳ ᠢᠶᠡᠨ ᠲᠣᠭᠯᠠᠭᠤᠯᠤᠨ᠎ᠠ ᠭᠡᠳᠡᠭ ᠬᠢᠷᠢ ᠪᠠᠷᠤᠭ ᠤᠨ ᠨᠠᠶᠢᠷᠠᠭᠤᠯᠤᠭᠴᠢ ᠶᠢᠨ ᠵᠣᠷᠢᠭᠯᠠᠨ ᠬᠢᠬᠦ ᠠᠵᠢᠯ ᠪᠢᠰᠢ ᠡ᠃
《ᠲᠠᠯ᠎ᠠ ᠨᠤᠲᠤᠭ ᠤᠨ ᠪᠢᠴᠢᠬᠠᠨ ᠪᠠᠭᠠᠲᠤᠷ ᠡᠭᠡᠴᠢ᠂ ᠳᠡᠭᠦᠥᠰ》 ᠺᠢᠨᠣ᠋ ᠶᠢ ᠬᠢᠬᠦ ᠳᠦ ᠵᠢᠷᠭᠤᠭᠠᠨ ᠵᠠᠭᠤᠨ ᠲᠦᠮᠡᠨ ᠶᠤᠸᠠᠨ ᠪᠤᠶᠤ ᠲᠤᠬᠠᠢ ᠶᠢᠨ ᠦᠶ᠎ᠡ ᠶᠢᠨ ᠬᠠᠩᠰᠢ ᠪᠠᠷ 967 ᠮᠢᠩᠭᠠᠨ ᠳ᠋ᠣᠯᠯᠠᠷ ᠵᠠᠷᠤᠴᠠᠭᠤᠯᠵᠠᠢ᠃ ᠨᠠᠶᠢᠷᠠᠭᠤᠯᠤᠭᠴᠢ ᠬᠠᠲᠤᠭᠲᠠᠢ ᠥᠪᠡᠷ ᠲᠦ ᠪᠠᠶᠢᠭᠰᠠᠨ ᠪᠦᠬᠦ ᠬᠥᠷᠥᠩᠭᠡ ᠪᠡᠨ ᠰᠢᠪᠬᠠᠭᠠᠳ ᠵᠣᠭᠰᠣᠬᠤ ᠦᠭᠡᠢ᠂ ᠬᠦᠦ ᠶᠢᠨ ᠢᠶᠡᠨ ᠪᠠᠶᠢᠷᠢ ᠶᠢ ᠬᠦᠷᠲᠡᠯ᠎ᠡ ᠵᠠᠷᠤᠨ ᠪᠠᠶᠢᠵᠤ 2013 ᠣᠨ ᠳᠤ ᠺᠢᠨᠣ᠋ ᠍ ᠪᠠᠨ ᠬᠢᠵᠦ ᠳᠠᠭᠤᠰᠬᠠᠭᠠᠳ 2014 ᠣᠨ ᠳᠤ ᠯᠣᠰ-ᠠᠨᠵᠧᠯᠣᠰ ᠢ ᠵᠣᠷᠢᠭᠰᠠᠨ ᠨᠢ ᠥᠪᠡᠷ ᠦᠨ ᠤᠷᠠᠯᠠᠭᠰᠠᠨ ᠪᠦᠲᠦᠭᠡᠯ ᠳᠦ ᠪᠡᠨ ᠪᠦᠷᠢᠨ ᠢᠲᠡᠭᠡᠵᠦ᠂ ᠶᠠᠮᠠᠷ ᠴᠤ ᠡᠷᠡᠰᠳᠡᠯ ᠡᠴᠡ ᠠᠶᠤᠬᠤ ᠦᠭᠡᠢ᠂ ᠦᠨᠡᠨ ᠵᠣᠷᠢᠭᠲᠠᠢ ᠪᠠᠶᠢᠭᠰᠠᠨ ᠤ ᠰᠢᠨᠵᠢ᠃ ᠦᠨᠡᠨ ᠳᠦ ᠪᠡᠨ ᠲᠡᠭᠦᠨ ᠦ ᠡᠷᠴᠢᠲᠡᠢ ᠬᠦᠴᠦᠲᠡᠢ ᠭᠠᠶᠢᠬᠠᠮ᠎ᠠ ᠵᠣᠷᠢᠭ ᠢ ᠡᠮᠲᠡᠯᠬᠦ ᠭᠡᠳ ᠬᠡᠨ ᠴᠤ ᠪᠠᠷᠠᠭᠰᠠᠨ ᠦᠭᠡᠢ᠂ ᠰᠢᠷ᠎ᠠ ᠲᠠᠢ ᠣᠮᠤᠭ ᠲᠠᠢ ᠬᠠᠲᠤᠨ ᠵᠢᠷᠦᠬᠡ ᠶᠢ ᠰᠢᠨᠲᠠᠯᠠᠬᠤ ᠭᠡᠳ ᠬᠡᠨ ᠴᠤ ᠳᠡᠶᠢᠯᠦᠭᠰᠡᠨ ᠦᠭᠡᠢ᠃ ᠦᠨᠡᠨ ᠵᠣᠷᠢᠭ ᠲᠠᠢ ᠪᠠᠶᠢᠭᠰᠠᠨ ᠴᠠᠭ ᠲᠤ ᠦᠬᠦᠯ ᠬᠦᠷᠲᠡᠯ᠎ᠡ ᠲᠣᠭᠣᠷᠢᠵᠤ ᠵᠢᠭᠤᠲᠠᠳᠠᠭ ᠬᠣᠷᠸ᠎ᠠ᠃ ᠬᠠᠲᠤᠭᠲᠠᠢ ᠮᠠᠨᠢ ᠢᠩᠭᠢᠵᠦ 《ᠪᠠᠷᠰ ᠤᠨᠣᠬᠤ》 ᠪᠣᠯᠤᠭᠰᠠᠨ ᠪᠠᠶᠢᠨ᠎ᠠ᠃ ᠪᠠᠷᠰ ᠤᠨᠣᠬᠤ ᠭᠡᠳᠡᠭ ᠨᠢ ᠥᠪᠥᠷ ᠮᠣᠩᠭᠣᠯ ᠢᠶᠠᠷ ᠪᠣᠯ ᠬᠢᠬᠦ ᠭᠡᠵᠦ ᠵᠣᠷᠢᠭᠯᠠᠭᠰᠠᠨ ᠶᠠᠭᠤᠮᠠᠨ ᠳᠤ ᠪᠠᠨ ᠬᠠᠮᠤᠭ ᠯᠠ ᠬᠥᠷᠥᠩᠭᠡ ᠬᠦᠴᠦ ᠪᠡᠨ ᠵᠣᠷᠢᠭᠤᠯᠬᠤ ᠶᠢ ᠬᠡᠯᠡᠵᠦ ᠪᠠᠶᠢᠭ᠎ᠠ ᠶᠤᠮ᠃
ᠯᠣᠰ-ᠠᠨᠵᠧᠯᠣᠰ ᠤᠨ ᠺᠢᠨᠣ᠋ ᠨᠠᠭᠠᠳᠤᠮ ᠳᠤ ᠳᠡᠯᠡᠬᠡᠢ ᠶᠢᠨ 300 ᠭᠠᠷᠤᠢ ᠺᠢᠨᠣᠨ ᠠᠴᠠ ᠡᠬᠢᠨ ᠦ ᠬᠣᠷᠢᠨ ᠬᠣᠶᠠᠷ ᠲᠤ ᠬᠢᠲᠠᠳ ᠤᠨ ᠵᠢᠷᠭᠤᠭᠠᠨ ᠺᠢᠨᠣ᠋ ᠨᠡᠷ᠎ᠡ ᠳᠡᠪᠰᠢᠵᠡᠢ᠃ ᠲᠡᠷᠡ ᠵᠢᠷᠭᠤᠭᠠᠨ ᠺᠢᠨᠣᠨ ᠠᠴᠠ ᠰᠤᠶᠤᠯᠴᠡᠴᠡᠭ ᠦᠨ ᠺᠢᠨᠣ᠋ ᠭᠠᠭᠴᠠᠭᠠᠷ ᠢᠶᠠᠨ ᠳᠡᠭᠡᠭᠰᠢ ᠪᠡᠨ ᠴᠣᠶᠢᠯᠠᠵᠤ ᠲᠡᠷᠢᠭᠦᠨ ᠪᠠᠶᠢᠷᠢ ᠶᠢᠨ ᠱᠠᠩᠨᠠᠯ ᠢ ᠬᠦᠷᠲᠡᠭᠰᠡᠨ ᠪᠠᠶᠢᠬᠤ ᠪᠥᠭᠡᠳ ᠡᠭᠦᠨ ᠳᠦ ᠯᠠ ᠴᠤᠬᠤᠮ ᠥᠪᠥᠷ ᠮᠣᠩᠭᠣᠯ ᠬᠠᠲᠤᠭᠲᠠᠢ ᠶᠢᠨ ᠪᠠᠬᠠᠷᠬᠠᠯ ᠣᠷᠣᠰᠢᠨ᠎ᠠ᠃ ᠲᠡᠷᠡ ᠪᠡᠷ ᠱᠠᠩᠨᠠᠯ ᠢᠶᠠᠨ ᠠᠪᠤᠭᠠᠳ ᠲᠠᠶᠢᠰᠠᠨ ᠠᠴᠠ ᠪᠠᠭᠤᠬᠤ ᠳᠤ ᠪᠠᠨ ᠲᠤᠰᠬᠠᠢ ᠱᠠᠩᠨᠠᠯ ᠠᠪᠴᠢᠬᠠᠯ᠎ᠠ ᠯᠠ ᠭᠡᠵᠦ ᠪᠣᠳᠣᠵᠠᠢ᠃ ᠭᠡᠲᠡᠯ᠎ᠡ ᠲᠡᠶᠢᠮᠦ ᠪᠢᠰᠢ ᠪᠠᠶᠢᠯ᠎ᠠ᠃ ᠣᠷᠴᠢᠭᠤᠯᠤᠭᠴᠢ ᠨᠢ ᠲᠡᠭᠦᠨ ᠳᠦ ᠲᠡᠷᠢᠭᠦᠨ ᠪᠠᠶᠢᠷᠢ ᠶᠢᠨ ᠱᠠᠩᠨᠠᠯ ᠠᠪᠤᠭᠰᠠᠨ ᠳᠤ ᠪᠠᠶᠠᠷ ᠬᠦᠷᠭᠡᠬᠦ ᠳᠦ ᠯᠠ ᠰᠠᠶ᠋ᠢ ᠣᠶᠢᠯᠠᠭᠠᠵᠤ᠂ ᠥᠪᠡᠷ ᠢ ᠪᠡᠨ ᠡᠶᠢᠮᠦ ᠲᠣᠮᠣ ᠠᠮᠵᠢᠯᠲᠠᠨ ᠳᠤ ᠬᠦᠷᠦᠭᠰᠡᠨ ᠭᠡᠳᠡᠭ ᠲᠦ ᠢᠲᠡᠭᠡᠵᠦ ᠶᠠᠳᠠᠨ ᠪᠠᠶᠢᠪᠠ᠃ ᠡᠭᠦᠨ ᠲᠡᠢ ᠵᠡᠷᠭᠡᠴᠡᠭᠡᠳ᠂
-ᠲᠠᠯ᠎ᠠ ᠨᠤᠲᠤᠭ ᠤᠨ ᠥᠩᠭᠡ ᠦᠵᠡᠮᠵᠢ ᠶᠠᠮᠠᠷ ᠭᠣᠶᠣ ᠶᠤᠮ ᠪᠤᠢ︖ ᠮᠠᠯ ᠠᠬᠤᠢ ᠪᠠᠨ ᠠᠮᠢ ᠨᠠᠰᠤᠨ ᠠᠴᠠ ᠪᠠᠨ ᠢᠯᠡᠭᠦᠦ ᠨᠠᠨᠳᠢᠩᠨᠠᠨ ᠬᠠᠶᠢᠷᠠᠯᠠᠳᠠᠭ ᠮᠣᠩᠭᠣᠯᠴᠤᠳ ᠤᠨ ᠵᠠᠩ ᠵᠠᠩᠰᠢᠯ ᠶᠠᠮᠠᠷ ᠡᠷᠬᠢᠮ ᠶᠤᠮ ᠪᠤᠢ︖ ᠺᠢᠨᠣᠨ ᠤ ᠬᠥᠭᠵᠢᠮ ᠮᠠᠰᠢ ᠭᠣᠶᠣ ᠪᠠᠶᠢᠨ᠎ᠠ᠃ ᠮᠣᠩᠭᠣᠯ ᠳᠠᠭᠤᠤ ᠬᠥᠭᠵᠢᠮ ᠡᠶᠢᠮᠦ ᠭᠣᠶᠣ ᠪᠠᠶᠢᠳᠠᠭ ᠶᠤᠮ ᠦᠦ︖ ᠭᠡᠵᠦ ᠲᠠᠯ᠎ᠠ ᠲᠠᠯ᠎ᠠ ᠠᠴᠠ ᠨᠢ ᠠᠰᠠᠭᠤᠵᠤ ᠰᠢᠯᠭᠠᠭᠠᠵᠤ᠂ ᠮᠥᠨ ᠲᠡᠭᠦᠨ ᠳᠦ ᠱᠠᠩᠨᠠᠯ ᠭᠠᠷᠳᠠᠭᠤᠯᠤᠭᠰᠠᠨ ᠫᠷᠣᠳᠢᠶᠦ᠋ᠰᠧᠷ 《ᠲᠠᠨ ᠤ ᠮᠣᠩᠭᠣᠯ ᠤᠨ ᠳᠠᠭᠤᠤ ᠬᠥᠭᠵᠢᠮ ᠮᠠᠰᠢ ᠭᠣᠶᠣ ᠶᠤᠮ ᠡ᠃ ᠪᠢᠳᠡᠨ ᠳᠦ ᠮᠣᠩᠭᠣᠯᠴᠤᠳ ᠤᠨ ᠮᠣᠷᠢᠨ ᠬᠤᠭᠤᠷ᠂ ᠪᠦᠵᠢᠭ ᠬᠣᠣᠰᠯᠠᠭᠰᠠᠨ ᠲᠠᠶᠢᠰᠠᠨ ᠤ ᠵᠦᠴᠦᠭᠡ ᠬᠡᠷᠡᠭᠲᠡᠢ ᠪᠠᠶᠢᠨ᠎ᠠ᠃ ᠳᠠᠷᠠᠭ᠎ᠠ ᠡᠨᠳᠡ ᠠᠪᠴᠢᠷᠠᠵᠤ ᠲᠣᠭᠯᠠᠭᠤᠯᠤᠭᠠᠷᠠᠢ》 ᠭᠡᠵᠦ ᠬᠡᠯᠡᠭᠡᠳ ᠤᠷᠢᠯᠭ᠎ᠠ ᠬᠦᠷᠲᠡᠯ᠎ᠡ ᠭᠠᠷᠳᠠᠭᠤᠯᠵᠠᠢ᠃ ᠮᠣᠩᠭᠣᠯᠴᠤᠳ ᠤᠨ ᠳᠠᠭᠤᠤ ᠬᠥᠭᠵᠢᠮ ᠬᠥᠮᠥᠨ ᠦ ᠰᠡᠳᠬᠢᠯ ᠢ ᠬᠥᠳᠡᠯᠭᠡᠬᠦᠶᠢᠴᠡ ᠦᠨᠡᠬᠡᠷ ᠭᠣᠶᠣ ᠪᠠᠶᠢᠭᠰᠠᠨ ᠲᠤᠯᠠ ᠡᠳᠦᠭᠡ ᠴᠤ ᠮᠥᠨᠥᠬᠢ ᠫᠷᠣᠳᠢᠶᠦ᠋ᠰᠧᠷ ᠰᠤᠶᠤᠯᠴᠡᠴᠡᠭ ᠲᠦ ᠰᠠᠨᠠᠯ ᠲᠠᠯᠪᠢᠭᠰᠠᠨ ᠬᠡᠪ ᠢᠶᠡᠷ ᠪᠠᠶᠢᠳᠠᠭ ᠭᠡᠨ᠎ᠡ᠃
《ᠬᠢᠲᠠᠳ ᠤᠨ ᠵᠢᠷᠭᠤᠭᠠᠨ ᠺᠢᠨᠣᠨ ᠤ ᠲᠠᠪᠤ ᠨᠢ ᠮᠡᠳᠡᠭᠡᠵᠢ ᠮᠢᠨᠦ ᠺᠢᠨᠣᠨ ᠠᠴᠠ ᠬᠠᠮᠢᠶ᠎ᠠ ᠦᠭᠡᠢ ᠢᠯᠡᠭᠦᠦ ᠬᠥᠷᠥᠩᠭᠡ ᠵᠠᠷᠤᠵᠤ᠂ ᠺᠣᠮᠫᠢᠶᠦ᠋ᠲ᠋ᠧᠷ ᠭᠷᠠᠹᠢᠺ ᠢᠶᠠᠷ ᠬᠢᠭᠰᠡᠨ᠃ ᠲᠡᠶᠢᠮᠦ ᠡᠴᠡ ᠮᠢᠨᠦ ᠺᠢᠨᠣ᠋ ᠡᠳᠡᠭᠡᠷ ᠺᠢᠨᠣᠨ ᠤ ᠬᠡᠮᠵᠢᠶᠡᠨ ᠳᠦ ᠣᠴᠢᠬᠤ ᠦᠭᠡᠢ ᠪᠠᠶᠢᠬᠤ》 ᠭᠡᠵᠦ ᠰᠤᠶᠤᠯᠴᠡᠴᠡᠭ ᠪᠣᠳᠣᠵᠤ ᠪᠠᠶᠢᠵᠠᠢ᠃ ᠭᠡᠪᠡᠴᠦ ᠦᠨᠡᠨ ᠬᠡᠷᠡᠭ ᠲᠦ ᠪᠡᠨ ᠲᠡᠶᠢᠮᠦ ᠪᠢᠰᠢ ᠪᠠᠶᠢᠯ᠎ᠠ᠃ ᠪᠤᠰᠤᠳ ᠺᠢᠨᠣ ᠨᠤᠭᠤᠳ ᠢ ᠪᠣᠳᠣᠪᠠᠯ ᠲᠡᠭᠦᠨ ᠦ ᠺᠢᠨᠣ᠋ ᠫᠢᠭ ᠳᠦᠭᠦᠷᠡᠩ ᠦᠵᠡᠭᠴᠢᠳ ᠲᠡᠢ᠂ ᠺᠣᠮᠫᠢᠶᠦ᠋ᠲ᠋ᠧᠷ ᠭᠷᠠᠹᠢᠺ ᠢᠶᠠᠷ ᠪᠢᠰᠢ ᠪᠣᠳᠠᠲᠤ ᠠᠮᠢᠳᠤᠷᠠᠯ ᠳᠡᠭᠡᠷ᠎ᠡ ᠡᠴᠡ᠂ ᠵᠢᠩᠬᠢᠨᠢ ᠴᠠᠰᠤᠨ ᠰᠢᠭᠤᠷᠭᠠᠨ ᠳᠤᠮᠳᠠ ᠴᠢᠨᠰᠠᠭ᠎ᠠ ᠵᠢᠭᠠᠵᠤ ᠬᠢᠭᠳᠡᠭᠰᠡᠨ ᠪᠣᠯᠬᠣᠷ ᠬᠥᠮᠥᠨ ᠦ ᠰᠡᠳᠬᠢᠯ ᠢ ᠴᠤᠬᠤᠮ ᠯᠠ ᠬᠥᠳᠡᠯᠭᠡᠵᠦ ᠴᠢᠳᠠᠵᠠᠢ᠃ ᠠᠮᠧᠷᠢᠺᠠᠴᠤᠳ ᠴᠤ ᠲᠠᠯ᠎ᠠ ᠨᠤᠲᠤᠭ ᠤᠨ ᠮᠣᠩᠭᠣᠯᠴᠤᠳ ᠤᠨ ᠠᠮᠢᠳᠤᠷᠠᠯ᠂ ᠪᠠᠶᠢᠭᠠᠯᠢ ᠶᠢᠨ ᠡᠷᠡᠰ ᠲᠡᠰᠦ᠂ ᠬᠠᠲᠠᠭᠤ ᠰᠢᠷᠦᠭᠦᠨ ᠠᠭᠤᠷ ᠠᠮᠢᠰᠬᠤᠯ ᠢ ᠭᠠᠶᠢᠬᠠᠨ ᠱᠣᠭᠰᠢᠷᠠᠵᠤ᠂ 《ᠮᠣᠩᠭᠣᠯᠴᠤᠳ ᠭᠡᠵᠦ ᠡᠶᠢᠮᠦ ᠦᠨᠳᠦᠰᠦᠲᠡᠨ ᠪᠠᠶᠢᠳᠠᠭ ᠶᠤᠮ ᠦᠦ᠂ ᠲᠠᠯ᠎ᠠ ᠨᠤᠲᠤᠭ ᠲᠤ ᠡᠶᠢᠮᠦ ᠠᠮᠢᠳᠤᠷᠠᠯ ᠪᠠᠶᠢᠳᠠᠭ ᠶᠤᠮ ᠦᠦ》 ᠭᠡᠬᠦ ᠵᠡᠷᠭᠡ ᠪᠡᠷ ᠳᠠᠭᠤ ᠠᠯᠳᠠᠵᠠᠭᠠᠵᠠᠢ᠃
ᠰᠤᠶᠤᠯᠴᠡᠴᠡᠭ ᠬᠤᠪᠢ ᠠᠴᠠ ᠪᠠᠨ ᠨᠢᠭᠡ ᠰᠠᠶ᠎ᠠ ᠰᠢᠬᠠᠮ ᠳ᠋ᠣᠯᠯᠠᠷ ᠵᠠᠷᠤᠯᠭᠠᠳᠠᠨ ᠪᠠᠶᠢᠵᠤ ᠡᠨᠡᠬᠦ ᠺᠢᠨᠣ ᠶᠢ ᠪᠦᠲᠦᠭᠡᠬᠦ ᠳᠦ ᠪᠡᠨ ᠠᠰᠢᠭ ᠤᠯᠬᠤ ᠭᠡᠵᠦ᠂ ᠺᠢᠨᠣᠨ ᠠᠴᠠ ᠮᠥᠩᠭᠥ ᠪᠣᠰᠬᠠᠬᠤ ᠭᠡᠵᠦ ᠡᠶᠢᠮᠦ ᠶᠡᠬᠡ ᠬᠦᠴᠦ ᠵᠣᠷᠢᠭ᠂ ᠲᠡᠰᠪᠦᠷᠢ ᠲᠡᠪᠴᠢᠶᠡᠷᠢ᠂ ᠴᠠᠭ ᠵᠠᠪ ᠢᠶᠠᠨ ᠭᠠᠷᠭᠠᠭᠤᠨ ᠳᠤ ᠭᠠᠷᠭᠠᠭᠰᠠᠨ ᠦᠭᠡᠢ᠃ ᠡᠨᠡ ᠺᠢᠨᠣ᠋ ᠨᠢ ᠲᠡᠭᠡᠲᠡᠯ᠎ᠡ ᠪᠡᠨ ᠠᠰᠢᠭ ᠴᠤ ᠣᠯᠤᠭᠰᠠᠨ ᠦᠭᠡᠢ᠂ ᠭᠠᠷᠭᠠᠭᠰᠠᠨ ᠵᠠᠷᠤᠳᠠᠯ ᠢᠶᠠᠨ ᠴᠤ ᠨᠥᠬᠦᠭᠰᠡᠨ ᠦᠭᠡᠢ᠃ ᠤᠴᠢᠷ ᠨᠢ ᠺᠢᠨᠣ᠋ ᠤᠷᠠᠯᠢᠭ ᠢ ᠠᠷᠠᠯᠵᠢᠶᠠᠨ ᠤ ᠪᠠᠷᠠᠭ᠎ᠠ ᠪᠤᠰᠤ ᠴᠡᠪᠡᠷ ᠤᠷᠠᠯᠢᠭ ᠬᠡᠮᠡᠬᠦ ᠮᠥᠨ ᠴᠢᠨᠠᠷ ᠲᠤ ᠬᠠᠮᠢᠶᠠᠲᠠᠭᠤᠯᠤᠨ ᠣᠶᠢᠯᠠᠭᠠᠳᠠᠭ ᠤᠷᠠᠨ ᠪᠦᠲᠦᠭᠡᠯᠴᠢᠳ ᠦᠶ᠎ᠡ ᠶᠢᠨ ᠦᠶ᠎ᠡ ᠳᠦ ᠪᠠᠶᠢᠭᠰᠠᠭᠠᠷ ᠢᠷᠡᠭᠰᠡᠨ ᠪᠥᠭᠡᠳ ᠴᠤᠬᠤᠮ ᠬᠦ ᠲᠡᠳᠡ ᠯᠠ ᠺᠢᠨᠣ᠋ ᠪᠣᠯ ᠬᠥᠩᠭᠡᠨ ᠵᠤᠭ᠎ᠠ᠂ ᠴᠠᠭ ᠨᠥᠬᠦᠴᠡᠭᠡᠬᠦ ᠬᠡᠷᠡᠭᠰᠡᠯ ᠭᠡᠬᠦ ᠨᠡᠶᠢᠲᠡ ᠪᠡᠷ ᠲᠣᠭᠲᠠᠭᠰᠠᠨ ᠣᠶᠢᠯᠠᠭᠠᠯᠲᠠ ᠶᠢ ᠬᠠᠯᠠᠵᠤ᠂ ᠺᠢᠨᠣ᠋ ᠪᠣᠯ ᠪᠦᠲᠦᠭᠡᠭᠴᠢ ᠶᠢᠨ ᠢᠶᠡᠨ ᠭᠦᠨ ᠤᠬᠠᠭᠠᠨ᠂ ᠭᠣᠸ᠎ᠠ ᠵᠦᠢ᠂ ᠶᠢᠷᠲᠢᠨᠴᠦ ᠶᠢ ᠦᠵᠡᠬᠦ ᠦᠵᠡᠯ ᠦᠨ ᠢᠯᠡᠷᠬᠡᠶᠢᠯᠡᠯ ᠪᠦᠬᠦᠢ ᠤᠷᠠᠯᠢᠭ ᠶᠤᠮ ᠭᠡᠳᠡᠭ ᠢ ᠢᠷᠠᠭᠤ ᠲᠣᠳᠣ ᠪᠠᠷ ᠲᠤᠩᠬᠠᠭᠯᠠᠭᠰᠠᠨ ᠪᠠᠶᠢᠳᠠᠭ ᠪᠢᠯᠡ᠃ ᠡᠨᠡ ᠬᠦᠷᠢᠶᠡᠨ ᠳᠦ ᠺᠢᠨᠣᠨ ᠤ ᠵᠢᠩᠬᠢᠨᠢ ᠵᠣᠬᠢᠶᠠᠭᠴᠢ᠂ ᠪᠦᠲᠦᠭᠡᠭᠴᠢ ᠨᠢ ᠨᠠᠶᠢᠷᠠᠭᠤᠯᠤᠭᠴᠢ ᠮᠥᠨ ᠭᠡᠵᠦ ᠦᠵᠡᠬᠦ ᠪᠣᠯᠤᠭᠰᠠᠨ ᠪᠥᠭᠡᠳ ᠬᠠᠲᠤᠭᠲᠠᠢ ᠰᠤᠶᠤᠯᠴᠡᠴᠡᠭ ᠪᠣᠯ ᠡᠶᠢᠮᠦ ᠯᠠ ᠬᠣᠪᠣᠷ ᠴᠢᠬᠤᠯᠠ ᠨᠠᠶᠢᠷᠠᠭᠤᠯᠤᠭᠴᠢ ᠶᠢᠨ ᠦᠷ᠎ᠡ ᠬᠥᠪᠦᠷᠡᠯ ᠶᠤᠮ᠃
ᠠᠯᠢᠪᠠ ᠬᠦᠮᠦᠨ ᠰᠠᠶᠢᠬᠠᠨ ᠢᠳᠡᠵᠦ ᠤᠤᠭᠤᠭᠠᠳ᠂ ᠡᠳ᠋ᠯᠡᠵᠦ ᠬᠡᠷᠡᠭᠯᠡᠬᠦ ᠬᠥᠷᠥᠩᠭᠡ ᠲᠡᠢ ᠪᠠᠶᠢᠬᠤ ᠳᠤ ᠯᠠ ᠠᠮᠤᠷ ᠲᠠᠶᠢᠪᠤᠩ ᠵᠢᠷᠭᠠᠴᠢᠬᠠᠳᠠᠭ ᠶᠤᠮ ᠪᠢᠰᠢ᠂ ᠬᠠᠷᠢᠨ ᠬᠡᠷᠡᠭᠯᠡᠭᠡᠨ ᠦ ᠮᠥᠨ ᠴᠢᠨᠠᠷ ᠢ ᠤᠶᠢᠯᠠᠭᠠᠬᠤ᠂ ᠠᠮᠢᠳᠤ ᠠᠮᠢᠲᠠᠳ᠂ ᠪᠠᠶᠢᠭᠠᠯᠢ ᠳᠡᠯᠡᠬᠡᠢ᠂ ᠬᠦᠮᠦᠨ ᠬᠦᠮᠦᠨ ᠢᠶᠡᠨ ᠬᠠᠶᠢᠷᠠᠯᠠᠬᠤ ᠨᠢᠩᠵᠢᠨ ᠰᠡᠳᠬᠢᠯ᠂ ᠲᠡᠰᠪᠦᠷᠢ ᠬᠠᠲᠠᠭᠤᠵᠢᠯ᠂ ᠠᠮᠢᠳᠤᠷᠠᠯ ᠤᠨ ᠲᠥᠯᠦᠭᠡᠬᠢ ᠲᠡᠮᠡᠴᠡᠯ ᠤᠬᠠᠭᠠᠷᠠᠯ ᠪᠣᠯ ᠭᠠᠶᠢᠬᠠᠮᠰᠢᠭ ᠶᠤᠮ ᠰᠢᠦ ᠭᠡᠳᠡᠭ ᠭᠣᠴᠣ ᠰᠠᠨᠠᠭ᠎ᠠ ᠶᠢ ᠡᠨᠡᠬᠦ ᠺᠢᠨᠣᠨ ᠳᠤ ᠬᠠᠷᠠᠭᠤᠯᠵᠠᠢ᠃ ᠲᠤᠰ ᠺᠢᠨᠣᠨ ᠤ ᠡᠵᠢ ᠶᠢᠨ ᠳᠦᠷᠢ ᠶᠢ ᠰᠤᠶᠤᠯᠴᠡᠴᠡᠭ ᠥᠪᠡᠷ ᠢᠶᠡᠨ ᠪᠦᠲᠦᠭᠡᠵᠦ᠂ ᠠᠪᠤ ᠶᠢᠨ ᠳᠦᠷᠢ ᠶᠢ ᠥᠪᠥᠷ ᠮᠣᠩᠭᠣᠯ ᠤᠨ ᠠᠯᠳᠠᠷᠲᠤ ᠵᠦᠴᠦᠭᠡᠴᠢᠨ ᠳᠣ᠋ ᠬᠠᠢ ᠯᠤᠢᠩ᠂ ᠡᠭᠡᠴᠢ ᠯᠤᠢᠩ ᠮᠸᠢ ᠶᠢᠨ ᠳᠦᠷᠢ ᠶᠢ ᠥᠪᠥᠷ ᠮᠣᠩᠭᠣᠯ ᠤᠨ ᠬᠢᠩᠭᠠᠨ ᠵᠠᠮ ᠤᠨ ᠳᠤᠮᠳᠠ ᠰᠤᠷᠭᠠᠭᠤᠯᠢ ᠶᠢᠨ ᠨᠠᠮᠤᠭᠤᠬᠠᠨ᠂ ᠳᠡᠭᠦᠦ ᠢᠦᠢ᠌ ᠷᠥᠩ ᠤᠨ ᠳᠦᠷᠢ ᠶᠢ ᠥᠪᠥᠷ ᠮᠣᠩᠭᠣᠯ ᠤᠨ ᠰᠢᠯᠢ ᠶᠢᠨ ᠭᠣᠣᠯ ᠠᠶᠢᠮᠠᠭ ᠤᠨ ᠮᠣᠩᠭᠣᠯ ᠦᠨᠳᠦᠰᠦᠨ ᠦ ᠪᠠᠭ᠎ᠠ ᠰᠤᠷᠭᠠᠭᠤᠯᠢ ᠶᠢᠨ ᠰᠤᠷᠤᠭᠴᠢ ᠬᠤᠯᠠᠨ᠂ ᠨᠠᠰᠤᠲᠠᠨ ᠤ ᠳᠦᠷᠢ ᠶᠢ ᠥᠪᠥᠷ ᠮᠣᠩᠭᠣᠯ ᠤᠨ ᠺᠢᠨᠣ᠋ ᠵᠦᠴᠦᠭᠡᠴᠢᠨ ᠵᠢᠮᠳᠠᠵᠠᠮᠰᠤ ᠨᠠᠷ ᠪᠦᠲᠦᠭᠡᠵᠦ᠂ ᠮᠣᠷᠢᠨ ᠳᠡᠭᠡᠷᠡᠬᠢ ᠲᠣᠭᠯᠠᠯᠲᠠ ᠶᠢ ᠮᠣᠩᠭᠣᠯ ᠤᠯᠤᠰ ᠤᠨ ᠰᠤᠶᠤᠯ ᠤᠷᠠᠯᠢᠭ ᠤᠨ ᠶᠡᠬᠡ ᠰᠤᠷᠭᠠᠭᠤᠯᠢ ᠶᠢᠨ ᠺᠢᠨᠣ᠋ ᠵᠦᠴᠦᠭᠡ ᠶᠢᠨ ᠠᠩᠭᠢ ᠲᠡᠭᠦᠰᠦᠭᠰᠡᠨ ᠳᠡᠯᠭᠡᠷ᠂ ᠳᠡᠯᠡᠬᠡᠢ ᠨᠠᠷ ᠭᠦᠢᠴᠡᠳᠭᠡᠵᠡᠢ᠃
2015 ᠣᠨ ᠳᠤ ᠪᠣᠯᠤᠭᠰᠠᠨ ᠮᠣᠩᠭᠣᠯ ᠤᠨ ᠺᠢᠨᠣ᠋ ᠨᠠᠭᠠᠳᠤᠮ ᠳᠤ ᠰᠤᠶᠤᠯᠴᠡᠴᠡᠭ ᠮᠥᠨ ᠡᠨᠡᠬᠦ ᠺᠢᠨᠣ᠋ ᠍ ᠪᠠᠷ ᠢᠶᠠᠨ ᠣᠷᠣᠯᠴᠠᠵᠤ᠂ ᠨᠠᠶᠢᠷᠠᠭᠤᠯᠤᠭᠴᠢ᠂ ᠵᠦᠴᠦᠭᠡᠴᠢᠨ᠂ ᠫᠷᠣᠳᠢᠶᠦ᠋ᠰᠰᠧᠷ ᠭᠡᠳ ᠪᠦᠬᠦ ᠶᠠᠭᠤᠮ᠎ᠠ ᠶᠢ ᠥᠪᠡᠷ ᠢᠶᠡᠨ ᠬᠢᠵᠦ᠂ ᠳᠣᠯᠣᠭᠠᠨ ᠲᠥᠷᠥᠯ ᠢᠶᠡᠷ ᠨᠡᠷ᠎ᠡ ᠳᠡᠪᠰᠢᠭᠡᠳ 《ᠬᠠᠮᠤᠭ ᠤᠨ ᠬᠦᠨᠳᠦᠳᠥ ᠺᠢᠨᠣ᠋》 ᠱᠠᠩᠨᠠᠯ ᠬᠦᠷᠲᠡᠵᠡᠢ᠃ ᠲᠡᠭᠦᠨᠴᠢᠯᠡᠨ 2015 ᠣᠨ ᠤ 10 ᠍ ᠳᠦᠭᠠᠷ ᠰᠠᠷ᠎ᠠ ᠳᠤ ᠡᠮᠦᠨᠡᠲᠦ ᠰᠣᠯᠣᠩᠭᠣᠰ ᠤᠨ ᠺᠢᠨᠣ᠋ ᠨᠠᠭᠠᠳᠤᠮ ᠳᠤ 《ᠲᠠᠯ᠎ᠠ ᠨᠤᠲᠤᠭ ᠤᠨ ᠪᠢᠴᠢᠬᠠᠨ ᠪᠠᠭᠠᠲᠤᠷ ᠡᠭᠡᠴᠢ᠂ ᠳᠡᠭᠦᠥᠰ》 ᠺᠢᠨᠣ᠋ ᠲᠡᠷᠢᠭᠦᠨ ᠪᠠᠶᠢᠷᠢ ᠶᠢᠨ ᠱᠠᠩᠨᠠᠯ ᠬᠦᠷᠲᠡᠭᠰᠡᠨ ᠪᠠᠶᠢᠨ᠎ᠠ᠃ ᠰᠤᠶᠤᠯᠴᠡᠴᠡᠭ ᠨᠠᠶᠢᠷᠠᠭᠤᠯᠤᠭᠴᠢ ᠶᠢᠨ ᠳᠠᠷᠠᠭ᠎ᠠ ᠶᠢᠨ ᠰᠢᠨ᠎ᠡ ᠤᠷᠠᠨ ᠪᠦᠲᠦᠭᠡᠯ ᠨᠢ ᠮᠥᠨ ᠯᠠ ᠪᠣᠳᠠᠲᠤ ᠦᠢᠯᠡ ᠶᠠᠪᠤᠳᠠᠯ ᠠᠴᠠ ᠰᠡᠳᠦᠪᠯᠡᠭᠰᠡᠨ ᠲᠡᠦᠬᠡᠨ ᠺᠢᠨᠣ᠋ ᠪᠥᠭᠡᠳ ᠡᠨᠡ ᠨᠢ 20 ᠍ ᠳᠦᠭᠠᠷ ᠵᠠᠭᠤᠨ ᠤ ᠭᠤᠴᠢ᠂ ᠳᠥᠴᠢᠭᠡᠳ ᠣᠨ ᠤ ᠬᠤᠪᠢᠰᠬᠠᠯ ᠳᠤ ᠣᠷᠣᠯᠴᠠᠵᠤ᠂ ᠥᠪᠥᠷ ᠮᠣᠩᠭᠣᠯ ᠤᠨ ᠥᠪᠡᠷᠲᠡᠭᠡᠨ ᠵᠠᠰᠠᠬᠤ ᠣᠷᠣᠨ ᠤ ᠠᠷᠠᠳ ᠤᠨ ᠲᠥᠯᠥᠭᠡᠯᠡᠭᠴᠢᠳ ᠦᠨ ᠠᠩᠬᠠᠳᠤᠭᠠᠷ ᠶᠡᠬᠡ ᠬᠤᠷᠠᠯ ᠳᠤ ᠣᠷᠣᠯᠴᠠᠬᠤ ᠪᠠᠷ ᠶᠠᠪᠤᠭᠠᠳ ᠵᠠᠮ ᠳᠤ ᠪᠠᠨ ᠪᠤᠰᠤᠳ ᠲᠤ ᠬᠣᠣᠷᠯᠠᠭᠳᠠᠭᠰᠠᠨ 《ᠮᠥᠭᠥᠵᠢᠢ ᠠᠮᠪᠠᠨ》 ᠭᠡᠵᠦ ᠮᠣᠩᠭᠣᠯᠴᠤᠳ ᠤᠨ ᠪᠠᠬᠠᠷᠬᠠᠨ ᠬᠦᠨᠳᠦᠯᠡᠳᠡᠭ ᠬᠦᠮᠦᠨ ᠦ ᠠᠮᠢᠳᠤᠷᠠᠯ ᠲᠡᠮᠡᠴᠡᠯ ᠦᠨ ᠲᠤᠬᠠᠢ ᠺᠢᠨᠣ᠋ ᠶᠤᠮ᠃ ᠡᠨᠡ ᠺᠢᠨᠣ᠋ ᠪᠠᠰᠠ ᠯᠠ ᠨᠢᠭᠡ ᠶᠠᠭᠤᠮ᠎ᠠ ᠳᠣᠭᠤᠯᠭᠠᠬᠤ ᠨᠢ ᠲᠣᠳᠣᠷᠬᠠᠢ᠃
ᠨᠠᠶᠢᠷᠠᠭᠤᠯᠤᠭᠴᠢ ᠰᠤᠶᠤᠯᠴᠡᠴᠡᠭ ᠥᠪᠥᠷ ᠮᠣᠩᠭᠣᠯ ᠤᠨ ᠵᠠᠭᠤᠨ-ᠤᠳᠠ ᠠᠶᠢᠮᠠᠭ ᠤᠨ ᠠᠷᠤ ᠬᠣᠷᠴᠢᠨ ᠬᠣᠰᠢᠭᠤᠨ ᠤ ᠴᠡᠭᠡᠳᠡᠮ ᠭᠠᠴᠠᠭᠠᠨ ᠳᠤ ᠲᠥᠷᠦᠵᠥ ᠥᠰᠴᠠᠢ᠃ ᠲᠡᠭᠦᠨ ᠢ ᠠᠷᠪᠠᠨ ᠭᠤᠷᠪᠠᠨ ᠨᠠᠰᠤᠲᠠᠢ ᠪᠠᠶᠢᠬᠤ ᠳᠤ ᠡᠵᠢ ᠨᠢ ᠨᠠᠰᠤ ᠪᠠᠷᠠᠵᠤ᠂ 8-11 ᠨᠠᠰᠤᠨ ᠤ ᠳᠡᠭᠦᠦ ᠨᠠᠷ ᠲᠠᠢ ᠪᠠᠨ ᠡᠬᠡ ᠡᠴᠡ ᠥᠨᠦᠴᠢᠷᠡᠵᠦ᠂ ᠠᠪᠤ ᠲᠠᠢ ᠪᠠᠨ ᠬᠦᠨᠳᠦ ᠬᠡᠴᠡᠭᠦᠦ ᠴᠠᠭ ᠦᠶ᠎ᠡ ᠶᠢ ᠲᠤᠭᠤᠯᠵᠠᠢ᠃ ᠲᠡᠷᠡᠪᠡᠷ ᠠᠶᠢᠯ ᠤᠨ ᠲᠣᠮᠣ ᠥᠬᠢᠨ ᠤ ᠬᠤᠪᠢ ᠳᠤ ᠭᠡᠷ ᠦᠨ ᠢᠶᠡᠨ ᠪᠦᠬᠦᠢ ᠯᠠ ᠠᠵᠢᠯ ᠢ ᠬᠢᠵᠦ᠂ ᠥᠷᠯᠦᠭᠡ ᠦᠨᠢᠶ᠎ᠡ ᠪᠡᠨ ᠰᠠᠭᠠᠵᠤ᠂ ᠭᠠᠯ ᠢᠶᠠᠨ ᠲᠦᠯᠡᠵᠦ᠂ ᠬᠣᠶᠠᠷ ᠳᠡᠭᠦᠦ ᠪᠡᠨ ᠠᠰᠠᠷᠠᠵᠤ᠂ ᠰᠤᠷᠭᠠᠭᠤᠯᠢ ᠳ᠋ᠠᠭᠠᠨ ᠶᠠᠪᠤᠨ᠎ᠠ᠂ ᠬᠠᠭᠠᠰ ᠪᠦᠲᠦᠨ ᠰᠠᠶᠢᠨ ᠳᠤ ᠠᠷᠭᠠᠯ ᠲᠦᠯᠡᠰᠢ ᠪᠡᠨ ᠪᠡᠯᠡᠳᠦᠨ᠎ᠡ᠃ ᠨᠠᠮᠤᠷ ᠨᠢ ᠡᠪᠡᠰᠦ ᠬᠠᠳᠤᠵᠤ᠂ ᠲᠠᠷᠢᠶ᠎ᠠ ᠬᠤᠷᠢᠶᠠᠨ᠎ᠠ᠃ ᠬᠠᠷ᠎ᠠ ᠪᠠᠭ᠎ᠠ ᠠᠴᠠ ᠪᠠᠨ ᠯᠠ ᠡᠶᠢᠨᠬᠦ ᠬᠥᠳᠡᠯᠮᠦᠷᠢᠴᠢ᠂ ᠰᠡᠷᠭᠦᠯᠡᠩ ᠥᠬᠢᠨ ᠪᠠᠶᠢᠵᠠᠢ᠃ ᠰᠤᠶᠤᠯᠴᠡᠴᠡᠭ 16 ᠨᠠᠰᠤᠲᠠᠢ ᠳᠤ ᠪᠠᠨ ᠠᠷᠤ ᠬᠣᠷᠴᠢᠨ ᠬᠣᠰᠢᠭᠤᠨ ᠤ 《ᠤᠯᠠᠭᠠᠨ ᠮᠥᠴᠢᠷ》 ᠤᠷᠠᠨ ᠰᠠᠶᠢᠬᠠᠨ ᠤ ᠪᠦᠯᠬᠦᠮ ᠳᠦ ᠰᠢᠯᠭᠠᠷᠠᠵᠤ ᠪᠦᠵᠢᠭᠯᠡᠬᠦ ᠪᠣᠯᠤᠭᠰᠠᠨ ᠨᠢ ᠥᠪᠡᠷ ᠦᠨ ᠠᠪᠢᠶᠠᠰ ᠢᠶᠠᠨ ᠬᠥᠭᠵᠢᠭᠦᠯᠵᠦ ᠤᠷᠠᠯᠢᠭ ᠤᠨ ᠵᠠᠮ ᠳᠤ ᠬᠥᠯ ᠲᠠᠯᠪᠢᠬᠤ ᠡᠬᠢᠯᠡᠯ ᠨᠢ ᠪᠣᠯᠵᠠᠢ᠃ ᠲᠡᠭᠡᠲᠡᠯ᠎ᠡ ᠬᠠᠷ᠎ᠠ ᠪᠠᠭ᠎ᠠ ᠠᠴᠠ ᠪᠠᠨ ᠥᠨᠦᠴᠢᠷᠡᠵᠥ᠂ ᠬᠣᠶᠠᠷ ᠳᠡᠭᠦᠦ ᠳᠦ ᠪᠡᠨ ᠡᠵᠢ ᠶᠢᠨ ᠣᠷᠣᠨ ᠳᠤ ᠡᠵᠢ ᠪᠣᠯᠵᠤ᠂ ᠪᠢᠴᠢᠬᠠᠨ ᠨᠢᠷᠤᠭᠤᠨ ᠳᠤ ᠪᠠᠨ ᠠᠬᠠᠳᠠᠭᠰᠠᠨ ᠭᠡᠮᠡᠷ ᠠᠴᠢᠶ᠎ᠠ ᠡᠭᠦᠷᠦᠭᠰᠡᠨ ᠲᠤᠶᠠᠬᠠᠨ ᠥᠬᠢᠨ ᠭᠡᠨᠡᠳᠲᠡ ᠬᠦᠨᠳᠦ ᠪᠡᠷ ᠡᠪᠡᠳᠴᠦ᠂ ᠬᠣᠶᠠᠷ ᠵᠢᠯ ᠰᠢᠬᠠᠮ ᠡᠮᠴᠢᠯᠡᠭᠦᠯᠦᠭᠰᠡᠨ ᠪᠠᠶᠢᠨ᠎ᠠ᠃ ᠡᠭᠦᠨ ᠦ ᠳᠠᠷᠠᠭ᠎ᠠ 《ᠤᠯᠠᠭᠠᠨ ᠮᠥᠴᠢᠷ》 ᠪᠦᠯᠬᠦᠮ ᠨᠢ ᠲᠡᠭᠦᠨ ᠢ ᠠᠵᠢᠯ ᠳᠤ ᠠᠪᠤᠭ᠎ᠠ ᠦᠭᠡᠢ ᠲᠤᠯᠠ ᠬᠥᠬᠡ ᠬᠣᠲᠠ ᠳ᠋ᠤ ᠢᠷᠡᠵᠦ ᠦᠰᠦᠴᠢᠨ ᠪᠣᠯᠵᠠᠢ᠃ ᠢᠩᠭᠢᠭᠡᠳ ᠠᠮᠢᠳᠤᠷᠠᠯ ᠤᠨ ᠶᠡᠬᠡ ᠨᠤᠭᠤᠴᠢᠶᠠᠨ ᠳᠤ ᠣᠯᠠᠨ ᠵᠢᠯ ᠵᠢᠳᠬᠦᠭᠰᠡᠨ ᠦ ᠡᠴᠦᠰ ᠲᠦ ᠡᠷᠢᠶᠡᠨ ᠬᠣᠲᠠ ᠳ᠋ᠤ ᠪᠠᠷᠠᠭ᠎ᠠ ᠡᠺᠰᠫᠣᠷᠲ᠂ ᠢᠮᠫᠤᠷᠲᠯᠠᠬᠤ ᠥᠪᠡᠷ ᠦᠨ ᠺᠣᠮᠫᠠᠨᠢ ᠪᠠᠨ ᠪᠠᠶᠢᠭᠤᠯᠵᠠᠢ᠃ ᠡᠨᠡ ᠶᠡᠬᠡ ᠠᠵᠢᠯ ᠬᠥᠳᠡᠯᠮᠦᠷᠢ ᠪᠤᠴᠠᠯᠤᠭᠰᠠᠨ ᠣᠨ ᠵᠢᠯ ᠦᠳ ᠲᠦ ᠲᠡᠷᠡ ᠪᠡᠷ ᠺᠢᠨᠣᠨ ᠤ ᠬᠡᠳᠦ ᠬᠡᠳᠦᠨ ᠳᠦᠷᠢ ᠳᠦ ᠲᠣᠭᠯᠠᠭᠠᠳ ᠠᠮᠵᠢᠭᠰᠠᠨ ᠪᠠᠶᠢᠨ᠎ᠠ᠃ ᠨᠢᠷᠤᠭᠤ ᠲᠤᠷᠤ ᠰᠠᠶᠢᠲᠠᠢ ᠲᠥᠷᠦᠭᠰᠡᠨ ᠦ ᠳᠡᠭᠡᠷ᠎ᠡ ᠭᠣᠸ᠎ᠠ ᠦᠵᠡᠰᠬᠦᠯᠡᠩ ᠲᠡᠢ᠂ ᠠᠪᠢᠶᠠᠰᠯᠢᠭ ᠨᠢᠭᠡᠨ ᠲᠤᠯᠠ ᠲᠡᠭᠦᠨ ᠢ ᠵᠠᠷᠢᠮ ᠺᠢᠨᠣᠴᠢᠳ ᠵᠦᠴᠦᠭᠡᠴᠢᠨ ᠢᠶᠡᠷ ᠤᠷᠢᠵᠤ ᠲᠣᠭᠯᠠᠭᠤᠯᠳᠠᠭ ᠪᠠᠶᠢᠵᠠᠢ᠃ ᠲᠡᠭᠡᠵᠦ ᠪᠠᠶᠢᠲᠠᠯ᠎ᠠ ᠤᠭ ᠤᠨ ᠰᠡᠷᠭᠦᠯᠡᠩ᠂ ᠬᠥᠳᠡᠯᠮᠦᠷᠢᠴᠢ ᠲᠡᠭᠦᠨ ᠳᠦ 《ᠶᠡᠷᠦ ᠨᠢ ᠪᠢ ᠥᠪᠡᠷ ᠢᠶᠡᠨ ᠺᠢᠨᠣ᠋ ᠬᠢᠭᠡᠳ ᠦᠵᠡᠶ᠎ᠡ》 ᠭᠡᠰᠡᠨ ᠰᠠᠨᠠᠭ᠎ᠠ ᠲᠥᠷᠦᠵᠥ ᠡᠬᠢᠯᠡᠵᠡᠢ᠃ ᠲᠡᠭᠡᠭᠡᠳ ᠥᠪᠥᠷ ᠮᠣᠩᠭᠣᠯ ᠤᠨ ᠠᠯᠳᠠᠷᠲᠤ ᠤᠷᠲᠤ ᠶᠢᠨ ᠳᠠᠭᠤᠴᠢᠨ ᡀᠠᠵᠠᠪ ᠪᠠᠭᠰᠢ ᠶᠢᠨ ᠠᠮᠢᠳᠤᠷᠠᠯ ᠤᠷᠠᠨ ᠪᠦᠲᠦᠭᠡᠯ ᠡᠴᠡ ᠰᠡᠳᠦᠪᠯᠡᠭᠰᠡᠨ 《ᠮᠣᠷᠢᠨ ᠳᠡᠯ ᠳᠡᠭᠡᠷᠡᠬᠢ ᠳᠠᠭᠤᠴᠢᠨ》 ᠨᠡᠷᠡᠲᠡᠢ ᠠᠩᠬᠠᠨ ᠤ ᠺᠢᠨᠣ᠋ ᠍ ᠪᠠᠨ ᠬᠢᠵᠦ᠂ ᡀᠠᠵᠠᠪ ᠪᠠᠭᠰᠢ ᠶᠢᠨ ᠨᠠᠭᠠᠴᠤ ᠡᠭᠡᠴᠢ ᠶᠢᠨ ᠳᠦᠷᠢ ᠳᠦ ᠰᠤᠶᠤᠯᠴᠡᠴᠡᠭ ᠥᠪᠡᠷ ᠢᠶᠡᠨ ᠲᠣᠭᠯᠠᠵᠠᠢ᠃
ᠨᠠᠶᠢᠷᠠᠭᠤᠯᠤᠭᠴᠢ ᠬᠠᠲᠤᠭᠲᠠᠢ ᠶᠢᠨ ᠬᠦᠦ ᠠᠷᠤ ᠮᠣᠩᠭᠣᠯ ᠤᠨ ᠰᠤᠶᠤᠯ ᠤᠷᠠᠯᠢᠭ ᠤᠨ ᠶᠡᠬᠡ ᠰᠤᠷᠭᠠᠭᠤᠯᠢ ᠳᠤ ᠰᠤᠷᠤᠯᠴᠠᠳᠠᠭ ᠪᠥᠭᠡᠳ ᠰᠤᠶᠤᠯᠴᠡᠴᠡᠭ ᠦᠨ ᠠᠯᠪᠠᠨ ᠠᠵᠢᠯ ᠠᠷᠤ ᠮᠣᠩᠭᠣᠯ ᠲᠠᠢ ᠰᠠᠯᠤᠰᠢ ᠦᠭᠡᠢ ᠬᠣᠯᠪᠣᠭ᠎ᠠ ᠲᠠᠢ ᠪᠣᠯᠬᠣᠷ ᠲᠡᠷᠡ ᠪᠡᠷ ᠲᠠᠪᠤᠨ ᠵᠠᠭᠤ ᠭᠠᠷᠤᠢ ᠤᠳᠠᠭ᠎ᠠ ᠴᠢᠩᠭᠢᠰ ᠦᠨ ᠮᠣᠩᠭᠣᠯ ᠳᠤ ᠢᠷᠡᠵᠦ ᠣᠴᠢᠭᠰᠠᠨ ᠪᠠᠶᠢᠬᠤ ᠵᠢᠱᠢᠶ᠎ᠡ ᠲᠡᠢ᠃ ᠨᠢᠭᠡ ᠵᠦᠢᠯ ᠢ ᠰᠣᠨᠢᠷᠬᠠᠭᠤᠯᠬᠤ ᠳᠤ ᠰᠤᠶᠤᠯᠴᠡᠴᠡᠭ ᠳᠤᠮᠳᠠ ᠰᠤᠷᠭᠠᠭᠤᠯᠢ ᠳᠤ ᠰᠤᠷᠴᠤ ᠪᠠᠶᠢᠬᠤ ᠳᠤ ᠪᠠᠨ ᠤᠷᠠᠨ ᠤᠩᠰᠢᠯᠭ᠎ᠠ ᠶᠢᠨ ᠤᠷᠤᠯᠳᠤᠭᠠᠨ ᠳᠤ ᠳ ∙ ᠨᠠᠴᠤᠭᠳᠣᠷᠵᠢ ᠶᠢᠨ 《ᠮᠢᠨᠦ ᠨᠤᠲᠤᠭ》 ᠰᠢᠯᠦᠭ ᠦᠨ ᠬᠣᠷᠢ ᠭᠠᠷᠤᠢ ᠪᠠᠳᠠᠭ ᠢ ᠪᠠᠭᠰᠢ ᠶᠢᠨ ᠢᠶᠠᠨ ᠵᠥᠪᠯᠡᠯᠭᠡ ᠵᠢᠭᠠᠪᠤᠷᠢ ᠶᠢᠨ ᠳᠠᠭᠠᠤ ᠤᠩᠰᠢᠵᠤ ᠪᠠᠶᠢᠭᠰᠠᠨ ᠪᠥᠭᠡᠳ ᠬᠣᠵᠢᠮ ᠬᠠᠷᠢᠨ 《ᠮᠢᠨᠦ ᠨᠤᠲᠤᠭ》 ᠰᠢᠯᠦᠭ ᠲᠤ ᠳᠦᠷᠰᠦᠯᠡᠭᠳᠡᠭᠰᠡᠨ ᠠᠷᠤ ᠮᠣᠩᠭᠣᠯ ᠤᠨ ᠪᠦᠬᠦᠢ ᠯᠠ ᠭᠠᠵᠠᠷ ᠤᠳ ᠢᠶᠠᠷ ᠵᠣᠷᠢᠭᠤᠳᠠ ᠠᠶᠠᠯᠠᠵᠤ ᠦᠵᠡᠭᠰᠡᠨ ᠪᠠᠶᠢᠭ᠎ᠠ ᠶᠤᠮ᠃
ᠬᠡᠨᠲᠡᠢ᠂ ᠬᠠᠩᠭᠠᠢ᠂ ᠰᠠᠶᠠᠨ ᠤ ᠥᠨᠳᠥᠷ ᠰᠠᠶᠢᠬᠠᠨ ᠨᠢᠷᠤᠭᠤ ᠨᠤᠭᠤᠳ
ᠬᠣᠶᠢᠲᠤ ᠵᠦᠭ ᠦᠨ ᠴᠢᠮᠡᠭ ᠪᠣᠯᠤᠭᠰᠠᠨ ᠣᠢ ᠬᠥᠪᠴᠢ ᠶᠢᠨ ᠠᠭᠤᠯᠠ ᠨᠤᠭᠤᠳ
ᠮᠡᠨᠡᠨ᠂ ᠰᠢᠷᠭ᠎ᠠ᠂ ᠨᠣᠮᠢᠨ ᠤ ᠥᠷᠭᠡᠨ ᠶᠡᠬᠡ ᠭᠣᠪᠢ ᠨᠤᠭᠤᠳ
ᠡᠮᠦᠨ᠎ᠡ ᠵᠦᠭ ᠦᠨ ᠮᠠᠩᠯᠠᠢ ᠪᠣᠯᠤᠭᠰᠠᠨ ᠡᠯᠡᠰᠦᠨ ᠮᠠᠩᠬᠠᠨ ᠳᠠᠯᠠᠢ ᠨᠤᠭᠤᠳ ᠁ ᠰᠤᠶᠤᠯᠴᠡᠴᠡᠭ ᠪᠦᠭᠦᠳᠡ ᠶᠢ ᠨᠢ ᠶᠠᠪᠤᠵᠤ ᠦᠵᠡᠵᠡᠢ᠃ ᠵᠠ ᠲᠡᠭᠡᠭᠡᠳ᠂ ᠣᠷᠬᠣᠨ᠂ ᠰᠡᠯᠡᠩᠭᠡ᠂ ᠬᠥᠬᠥᠢ ᠶᠢᠨ ᠣᠨᠴᠠ ᠰᠠᠶᠢᠬᠠᠨ ᠭᠣᠣᠯ ᠤᠳ ᠢᠶᠠᠷ ᠭᠠᠲᠤᠯᠠᠵᠤ᠂ ᠬᠡᠷᠡᠯᠥᠨ᠂ ᠣᠨᠣᠨ᠂ ᠲᠤᠤᠯᠨ ᠶᠢᠨ ᠲᠤᠩᠭᠠᠯᠠᠭ ᠠᠷᠢᠭᠤᠨ ᠮᠥᠷᠡᠨ ᠨᠦᠭᠦᠳ ᠡᠴᠡ ᠤᠮᠳᠠᠯᠠᠵᠤ᠂ ᠬᠥᠪᠰᠥᠭᠥᠯ᠂ ᠤᠪᠰᠣ᠂ ᠪᠤᠶᠢᠷ ᠤᠨ ᠭᠦᠨ ᠴᠡᠩᠬᠡᠷ ᠨᠠᠭᠤᠷ ᠤᠳ ᠢᠶᠠᠷ ᠮᠡᠯᠮᠡᠢ ᠶᠤᠭᠠᠨ ᠪᠠᠶᠠᠰᠬᠠᠵᠤ᠂ ᠬᠠᠭᠤᠴᠢᠨ ᠬᠥᠰᠢᠶ᠎ᠡ ᠳᠤᠷᠠᠰᠬᠠᠯ᠂ ᠬᠣᠲᠠ᠂ ᠪᠠᠯᠭᠠᠳ᠂ ᠰᠠᠭᠤᠷᠢᠨ ᠨᠤᠭᠤᠳ ᠢᠶᠠᠷ ᠬᠥᠨᠳᠡᠯᠡᠨ ᠭᠤᠯᠳᠤ ᠠᠶᠠᠯᠠᠨ ᠵᠤᠭᠠᠯᠠᠵᠠᠢ᠃ ᠡᠨᠡ ᠪᠣᠯ ᠮᠣᠩᠭᠣᠯ ᠤᠨ ᠰᠠᠶᠢᠬᠠᠨ ᠣᠷᠣᠨ ᠳᠤ ᠪᠠᠨ ᠬᠡᠴᠢᠨᠡᠨ ᠶᠡᠬᠡ ᠬᠠᠶᠢᠷᠠᠲᠠᠢ᠂ ᠠᠭᠤᠳᠠᠮ ᠲᠠᠯ᠎ᠠ ᠨᠤᠲᠤᠭ ᠢᠶᠠᠷ ᠢᠶᠠᠨ ᠬᠡᠴᠢᠨᠡᠨ ᠶᠡᠬᠡ ᠪᠠᠬᠠᠷᠬᠠᠳᠠᠭ ᠵᠢᠩᠬᠢᠨᠢ ᠮᠣᠩᠭᠣᠯ ᠬᠥᠮᠥᠨ ᠦ ᠬᠣᠯᠢᠴᠠᠭ᠎ᠠ ᠦᠭᠡᠢ ᠰᠢᠵᠢᠷ ᠠᠯᠲᠠ ᠯᠤᠭ᠎ᠠ ᠮᠥᠨ ᠴᠢᠨᠠᠷ ᠪᠣᠯᠠᠢ᠃
ᠲᠦᠮᠡᠲᠦ ᠰᠢᠨ᠎ᠡ ᠬᠥᠷᠪᠡᠭᠦᠯᠪᠡ
8
0