ᠲᠤᠮᠤᠭ ᠦᠯᠢᠭᠡᠷ
ᠡᠷᠲᠡᠨ ᠦ ᠨᠢᠰᠦᠭᠴᠢ ᠠᠮᠢᠲᠠᠨ
ᠡᠷᠲᠡᠨ ᠦ ᠨᠢᠰᠦᠭᠴᠢ ᠠᠮᠢᠲᠠᠨ
5812
2018-11-12 15:26
发表于:内蒙古
ᠰᠠᠶ᠋ᠢᠬᠠᠨ ᠣᠷᠣᠭᠰᠠᠨ ᠫᠷᠡᠲᠦᠽᠠᠸᠷ ᠤᠨ ᠲᠠᠯ᠎ᠠ ᠪᠠᠷ ᠫᠣᠰᠲ ᠤᠩᠰᠢᠭᠠᠳ ᠲᠡᠳᠡ ᠦᠨᠡᠬᠡᠷ ᠨᠢᠰᠴᠦ ᠴᠢᠳᠠᠳᠠᠭ ᠪᠠᠶᠢᠭᠰᠠᠨ ᠪᠣᠯᠪᠠ ᠤᠤ ᠭᠡᠰᠡᠨ ᠪᠣᠳᠣᠯ ᠲᠥᠷᠥᠭᠡᠳ ᠪᠢᠴᠢᠬᠠᠨ ᠰᠤᠳᠤᠯᠭ᠎ᠠ ᠬᠢᠵᠦ ᠣᠯᠠᠨ ᠬᠦᠮᠦᠨ ᠦ ᠪᠢᠴᠢᠭᠰᠡᠨ ᠨᠡᠶᠢᠲᠡᠯᠡᠯ ᠦᠳ ᠤᠩᠰᠢᠵᠤ ᠦᠵᠡᠯ᠎ᠡ᠃ ᠬᠠᠷᠢᠨ ᠲᠠ ᠨᠠᠷ ᠲᠤ ᠪᠠᠨ ᠨᠢᠭᠡ ᠨᠡᠶᠢᠲᠡᠯᠡᠯ ᠢ ᠨᠢ ᠣᠷᠴᠢᠭᠤᠯᠵᠤ ᠪᠢᠴᠢᠯ᠎ᠡ᠃
ᠵᠢᠵᠢᠭ ᠣᠪᠣᠷ ᠤᠨ ᠣᠩᠭᠣᠴᠠ ᠲᠠᠨ ᠤ ᠲᠣᠯᠣᠭᠠᠢ ᠳᠡᠭᠡᠭᠦᠷ ᠨᠢᠰᠴᠦ ᠪᠠᠶᠢᠨ᠎ᠠ ᠭᠡᠳ ᠲᠠ ᠲᠥᠰᠦᠭᠡᠯᠡ ᠳ᠋ᠡ᠃ ᠬᠡᠷᠪᠡ ᠲᠠ 70 ᠰᠠᠶ᠎ᠠ ᠵᠢᠯ ᠦᠨ ᠡᠮᠦᠨ᠎ᠡ ᠠᠮᠢᠳᠤᠷᠠᠳᠠᠭ ᠪᠠᠶᠢᠭᠰᠠᠨ ᠪᠣᠯ ᠠᠭᠠᠷ ᠢ ᠡᠵᠡᠩᠨᠡᠵᠦ ᠪᠠᠶᠢᠭᠰᠠᠨ ᠫᠲᠦᠷᠦᠽᠠᠸᠷ ᠤᠳ ᠢ ᠡᠶᠢᠮᠦ ᠳᠦᠷᠢ ᠵᠢᠷᠤᠭ ᠢᠶᠠᠷ ᠬᠠᠷᠠᠬᠤ ᠪᠠᠶᠢᠭᠰᠠᠨ ᠪᠢᠵᠡ᠃ ᠮᠡᠰᠣᠼᠣᠶᠢᠺ ᠡᠷᠡᠨ ᠦ ᠦᠶ᠎ᠡ ᠳᠦ ᠳ᠋ᠢᠨᠦᠽᠠᠸᠷ ᠤᠳ ᠤᠨ ᠲᠣᠯᠣᠭᠠᠢ ᠳᠡᠭᠡᠭᠦᠷ ᠨᠢᠰᠴᠦ ᠪᠠᠶᠢᠭᠰᠠᠨ ᠨᠢᠰᠳᠡᠭ ᠬᠡᠪᠡᠯᠢ ᠪᠡᠷ ᠶᠠᠪᠤᠭᠴᠢ ᠫᠲᠦᠷᠦᠽᠠᠸᠷ ᠨᠢ ᠳᠡᠯᠡᠬᠡᠢ ᠳᠡᠭᠡᠷ᠎ᠡ ᠠᠮᠢᠳᠤᠷᠠᠵᠤ ᠪᠠᠶᠢᠭᠰᠠᠨ ᠬᠠᠮᠤᠭ ᠤᠨ ᠲᠣᠮᠣ ᠨᠢᠰᠳᠡᠭ ᠠᠮᠢᠲᠠᠨ ᠶᠤᠮ᠃ ᠬᠠᠮᠤᠭ ᠤᠨ ᠲᠣᠮᠣ ᠫᠲᠦᠷᠦᠽᠠᠸᠷ ᠤᠳ ᠪᠣᠯᠬᠤ ᠠᠵᠠᠳᠠᠷᠺᠲᠤᠳ ᠤᠨ ᠳᠠᠯᠠᠪᠴᠢᠨ ᠤ ᠳᠠᠯᠠᠶᠢᠴᠠ 10-11 ᠮᠧᠲ᠋ᠷ ᠬᠦᠷᠳᠡᠭ ᠪᠠᠶᠢᠵᠠᠢ᠃
ᠭᠡᠬᠦ ᠳᠦ ᠪᠡᠨ ᠶᠠᠭᠠᠬᠢᠵᠤ ᠡᠨᠡ ᠠᠪᠤᠷᠭᠤ ᠪᠡᠶᠡᠳᠦ ᠠᠮᠢᠲᠠᠳ ᠠᠭᠠᠷ ᠲᠤ ᠳᠡᠭᠦᠯᠢᠨ ᠨᠢᠰᠳᠡᠭ ᠪᠠᠶᠢᠭᠰᠠᠨ ᠪᠠᠶᠢᠵᠤ ᠲᠠᠭᠠᠷᠬᠤ ᠪᠤᠢ︖ ᠠᠮᠢᠲᠠᠨ ᠤ ᠪᠡᠶ᠎ᠡ ᠬᠢᠷᠢ ᠲᠣᠮᠣ ᠪᠠᠶᠢᠨ᠎ᠠ ᠲᠡᠳᠥᠢ ᠴᠢᠨᠡᠭᠡ ᠪᠡᠶ᠎ᠡ ᠶᠢᠨ ᠵᠢᠩ ᠢᠶᠡᠨ ᠡᠰᠡᠷᠭᠦᠴᠡᠵᠦ ᠠᠭᠠᠷ ᠲᠤ ᠭᠠᠷᠬᠤ ᠳᠤ ᠬᠡᠴᠡᠭᠦᠦ ᠪᠠᠶᠢᠳᠠᠭ᠃ ᠠᠮᠢᠲᠠᠨ ᠬᠡᠲᠦᠷᠬᠡᠢ ᠲᠣᠮᠣ᠂ ᠬᠦᠨᠳᠦ ᠪᠠᠶᠢᠪᠠᠯ ᠪᠡᠶ᠎ᠡ ᠪᠡᠨ ᠳᠠᠭᠠᠭᠠᠵᠤ ᠨᠢᠰᠬᠦ ᠳ᠋ᠤ ᠲᠤᠩ ᠬᠡᠴᠡᠭᠦᠦ᠃ ᠪᠢᠳᠡ ᠫᠲᠦᠷᠦᠽᠠᠸᠷ ᠤᠳ ᠰᠢᠭ ᠲᠣᠮᠣ ᠠᠮᠢᠲᠠᠳ ᠢ ᠨᠢᠰᠴᠦ ᠪᠠᠶᠢᠨ᠎ᠠ ᠭᠡᠵᠦ ᠳᠥᠰᠦᠭᠡᠯᠡᠬᠦ ᠳ᠋ᠤ ᠬᠡᠴᠡᠭᠦᠦ ᠰᠢᠦ ᠳ᠋ᠡ᠃
ᠥᠳᠦᠲᠦ ᠳᠠᠯᠠᠪᠴᠢ ᠲᠠᠢ ᠰᠢᠪᠠᠭᠤ ᠨᠤᠭᠤᠳ ᠠᠴᠠ ᠢᠯᠭᠠᠭ᠎ᠠ ᠲᠠᠢ ᠨᠢ ᠫᠲᠦᠷᠦᠽᠠᠸᠷ ᠤᠳ ᠤᠷᠲᠤ 4 ᠳᠠᠬᠢ ᠬᠤᠷᠤᠭᠤᠨ ᠠᠴᠠ ᠪᠠᠨ ᠬᠥᠯ ᠬᠦᠷᠲᠡᠯ᠎ᠡ ᠬᠣᠯᠪᠣᠭᠰᠠᠨ ᠬᠠᠭᠠᠷᠢᠭᠰᠠᠨ ᠳᠠᠯᠠᠪᠴᠢ ᠲᠠᠢ ᠪᠠᠶᠢᠭᠰᠠᠨ ᠨᠢ ᠰᠢᠪᠠᠭᠤ ᠭᠡᠬᠦ ᠡᠴᠡ ᠪᠡᠨ ᠢᠯᠡᠭᠦᠦ ᠰᠠᠷᠢᠰᠤᠨ ᠪᠠᠭᠪᠠᠬᠠᠢ ᠲᠠᠢ ᠣᠶᠢᠷ᠎ᠠ ᠭᠡᠮᠡᠷ᠃ ᠲᠡᠷᠡ ᠬᠦ ᠬᠠᠶᠢᠷᠰᠤ ᠨᠢ 《ᠠᠺᠲ᠋ᠢᠨᠣᠹᠢᠪᠷᠢᠯ》 ᠭᠡᠵᠦ ᠨᠡᠷᠡᠯᠡᠭᠳᠡᠬᠦ ᠳᠣᠲᠣᠭᠠᠳᠤ ᠪᠦᠲᠦᠴᠡ ᠲᠡᠢ ᠪᠠᠶᠢᠭᠰᠠᠨ ᠪᠦᠭᠡᠳ ᠡᠨᠡ ᠨᠢ ᠳᠠᠯᠠᠪᠴᠢ ᠶᠢ ᠪᠠᠲᠤ ᠪᠡᠬᠢ ᠪᠠᠶᠢᠯᠭᠠᠳᠠᠭ᠂ ᠪᠠᠰᠠ ᠨᠢᠰᠬᠦ ᠳ᠋ᠤᠨᠢ ᠳᠡᠮᠵᠢᠯᠭᠡ ᠪᠣᠯᠳᠠᠭ ᠪᠠᠶᠢᠪᠠ᠃
ᠲᠡᠭᠦᠨᠴᠢᠯᠡᠨ ᠫᠲᠦᠷᠦᠽᠠᠸ ᠤᠳ ᠤᠨ ᠠᠮᠢᠰᠬᠤᠯ ᠤᠨ ᠰᠢᠰᠲ᠋ᠧᠮ ᠨᠢ ᠴᠤ ᠥᠪᠡᠷᠮᠢᠴᠡ᠂ ᠣᠳᠣ ᠶᠢᠨ ᠰᠢᠪᠠᠭᠤ ᠨᠤᠭᠤᠳ ᠲᠠᠢ ᠠᠳᠠᠯᠢ ᠠᠭᠠᠷ ᠤᠨ ᠬᠡᠦᠳᠡᠢ ᠲᠡᠢ ᠪᠠᠶᠢᠭᠰᠠᠨ ᠪᠠᠶᠢᠨ᠎ᠠ᠃ ᠡᠨᠡ ᠨᠢ ᠲᠡᠳᠡᠨ ᠳᠦ ᠮᠠᠰᠢ ᠦᠷ᠎ᠡ ᠳ᠋ᠦᠢᠩ ᠲᠡᠢ ᠠᠮᠢᠰᠬᠤᠯ ᠤᠨ ᠰᠢᠰᠲ᠋ᠧᠮ ᠪᠣᠯᠵᠤ ᠴᠢᠳᠠᠭᠰᠠᠨ ᠪᠦᠭᠡᠳ ᠲᠡᠳᠡᠨ ᠦ ᠨᠢᠰᠬᠦ ᠳ᠋ᠤ ᠬᠡᠷᠡᠭᠴᠡᠭᠡ ᠲᠡᠢ ᠮᠠᠰᠢ ᠶᠡᠬᠡ ᠬᠡᠮᠵᠢᠶᠡᠨ ᠦ ᠡᠨᠧᠷᠭᠢ ᠪᠡᠷ ᠴᠤ ᠬᠠᠩᠭᠠᠵᠤ ᠴᠢᠳᠠᠳᠠᠭ ᠪᠠᠶᠢᠵᠠᠢ᠃ ᠫᠲᠦᠷᠦᠽᠠᠸᠷ ᠤᠳ ᠤᠨ ᠠᠭᠠᠷ ᠤᠨ ᠬᠡᠦᠳᠡᠢ ᠬᠥᠵᠦᠭᠦᠦ ᠪᠣᠯᠤᠨ ᠴᠡᠭᠡᠵᠢᠨ ᠬᠡᠰᠡᠭ ᠲᠦ ᠨᠢ ᠪᠠᠶᠢᠳᠠᠭ ᠪᠠᠶᠢᠭᠰᠠᠨ ᠪᠥᠭᠡᠳ ᠲᠣᠮᠣ ᠤᠳ ᠤᠨ ᠬᠢ ᠨᠢ ᠳᠠᠯᠠᠪᠴᠢᠨ ᠳᠤ ᠴᠤ ᠪᠠᠶᠢᠳᠠᠭ ᠪᠠᠶᠢᠭᠰᠠᠨ ᠪᠠᠶᠢᠨ᠎ᠠ᠃ ᠶᠡᠬᠡᠩᠬᠢ ᠲᠣᠬᠢᠶᠠᠯᠳᠤᠯ ᠳᠤ ᠠᠭᠠᠷ ᠤᠨ ᠬᠡᠦᠳᠡᠢ ᠨᠢ ᠲᠡᠳᠡᠨ ᠦ ᠶᠠᠰᠤᠨ ᠳᠤ ᠪᠠᠶᠢᠳᠠᠭ ᠪᠠᠶᠢᠭᠰᠠᠨ ᠪᠥᠭᠡᠳ ᠡᠨᠡ ᠨᠢ ᠲᠡᠳᠡᠨ ᠦ ᠨᠢᠮᠭᠡᠨ ᠬᠠᠨ᠎ᠠ ᠲᠠᠢ ᠶᠠᠰᠤᠲᠠᠢ ᠲᠠᠢ ᠰᠢᠭᠤᠳ ᠬᠠᠮᠢᠶᠠᠷᠤᠯ ᠲᠠᠢ᠃ ᠡᠶᠢᠮᠦ ᠡᠴᠡ ᠤᠭ ᠠᠭᠠᠷ ᠤᠨ ᠬᠡᠦᠳᠡᠢ ᠪᠦᠬᠦᠢ ᠶᠠᠰᠤ ᠨᠢ ᠲᠡᠳᠡᠨ ᠦ ᠨᠢᠰᠬᠦ ᠴᠢᠳᠠᠪᠤᠷᠢ ᠶᠢᠨ ᠬᠠᠮᠤᠭ ᠤᠨ ᠲᠣᠮᠣ ᠬᠦᠴᠦᠨ ᠵᠦᠢᠯ ᠪᠣᠯᠵᠠᠢ᠃
ᠠᠵᠠ ᠳᠤᠲᠠᠬᠤ ᠳᠤ ᠲᠡᠳᠡᠨ ᠦ ᠨᠢᠮᠭᠡᠨ ᠬᠠᠨ᠎ᠠ ᠲᠠᠢ ᠠᠭᠠᠷ ᠢᠶᠠᠷ ᠳᠦᠭᠦᠷᠡᠩ ᠶᠠᠰᠤ ᠨᠢ ᠪᠤᠰᠤᠳ ᠠᠮᠢᠲᠠᠳ ᠤᠨ ᠴᠥᠮᠥᠭᠡ ᠪᠡᠷ ᠳᠦᠭᠦᠷᠡᠩ ᠶᠠᠰᠤᠨ ᠠᠴᠠ ᠢᠯᠡᠭᠦᠦ ᠠᠮᠠᠷᠬᠠᠨ ᠪᠢᠴᠠᠷᠠᠵᠤ ᠭᠡᠮᠳᠦᠬᠥ ᠠᠶᠤᠯ ᠲᠠᠢ᠃ ᠲᠡᠶᠢᠮᠦ ᠡᠴᠡ ᠰᠠᠶᠢᠨ ᠬᠠᠳᠠᠭᠠᠯᠠᠭᠳᠠᠭᠰᠠᠨ ᠫᠲᠦᠷᠦᠽᠠᠸᠷ ᠤᠨ ᠴᠢᠯᠠᠭᠤᠵᠢᠭᠰᠠᠨ ᠦᠯᠡᠳᠡᠭᠳᠡᠯ ᠣᠯᠳᠠᠬᠤ ᠨᠢ ᠮᠠᠰᠢ ᠬᠣᠪᠣᠷ᠃ ᠭᠡᠬᠦ ᠳᠦ ᠪᠡᠨ ᠪᠢᠳᠡᠨ ᠳᠦ ᠣᠯᠳᠠᠭᠰᠠᠨ ᠮᠠᠰᠢ ᠴᠥᠭᠡᠬᠡᠨ ᠲᠣᠭᠠᠨ ᠤ ᠪᠦᠷᠢᠨ ᠪᠦᠲᠦᠨ ᠴᠢᠯᠠᠭᠤᠵᠢᠭᠰᠠᠨ ᠦᠯᠡᠳᠡᠭᠳᠡᠯ ᠲᠡᠳᠡᠨ ᠦ ᠶᠠᠰᠤ ᠶᠠᠮᠠᠷ ᠨᠢᠮᠭᠡᠨ ᠬᠡᠪᠡᠷᠡᠭ ᠪᠠᠶᠢᠭᠰᠠᠨ ᠢ ᠣᠶᠢᠯᠠᠭᠠᠬᠤ ᠳᠤ ᠬᠠᠩᠭᠠᠯᠲᠠᠲᠠᠢ ᠪᠣᠯᠪᠠ ᠤᠤ᠃
ᠬᠢᠷᠢ ᠵᠡᠷᠭᠡ ᠬᠦᠨᠳᠦ ᠪᠤᠢ︖
ᠨᠢᠮᠭᠡᠨ ᠬᠠᠨ᠎ᠠ ᠲᠠᠢ ᠬᠥᠨᠳᠡᠢ ᠶᠠᠰᠤ ᠨᠢ ᠨᠢᠰᠬᠦ ᠳ᠋ᠤ ᠲᠤᠰᠠ ᠪᠣᠯᠬᠤ 2 ᠴᠢᠨᠠᠷᠲᠠᠢ᠃ ᠨᠢᠭᠡ ᠨᠢ ᠲᠡᠳᠡ ᠴᠥᠮᠥᠭᠡ ᠲᠡᠢ ᠬᠠᠲᠠᠭᠤ ᠶᠠᠰᠤᠨ ᠠᠴᠠ ᠬᠥᠩᠭᠡᠨ᠃ ᠬᠣᠶᠠᠷ ᠲᠤ ᠬᠠᠲᠠᠭᠤ ᠶᠠᠰᠤ ᠶᠢ ᠪᠣᠳᠣᠪᠠᠯ ᠠᠷᠠᠢ ᠤᠶᠠᠨ ᠬᠠᠲᠠᠨ ᠴᠢᠨᠠᠷ ᠲᠠᠢ ᠪᠠᠶᠢᠳᠠᠭ ᠨᠢ ᠫᠲᠦᠷᠦᠽᠠᠸᠷ ᠤᠳ ᠤᠨ ᠲᠣᠮᠣ ᠪᠡᠶ᠎ᠡ᠂ ᠲᠡᠳᠡᠨ ᠦ ᠬᠥᠳᠡᠯᠭᠡᠭᠡᠨ ᠡᠴᠡ ᠢᠷᠡᠬᠦ ᠳᠠᠷᠤᠯᠲᠠ ᠲᠠᠢ ᠲᠡᠭᠦᠰ ᠵᠣᠬᠢᠴᠠᠨ ᠠᠵᠢᠯᠯᠠᠳᠠᠭ ᠪᠠᠶᠢᠪᠠ᠃
ᠪᠢᠳᠡ ᠣᠳᠣ ᠲᠡᠳᠡᠨ ᠦ ᠬᠠᠮᠤᠭ ᠤᠨ ᠠᠭᠠᠷᠯᠢᠭ ᠠᠭᠠᠷ ᠢᠶᠠᠷ ᠳᠦᠭᠦᠷᠡᠩ ᠠᠮᠢᠲᠠᠳ ᠪᠣᠯᠬᠤ ᠶᠢ ᠣᠶᠢᠯᠠᠭᠠᠯ᠎ᠠ᠃ ᠭᠡᠬᠦ ᠳᠦ ᠪᠡᠨ ᠪᠢᠳᠡ ᠬᠠᠷᠠᠬᠠᠨ ᠲᠡᠳᠡᠨ ᠢ ᠬᠢᠷᠢ ᠵᠡᠷᠭᠡ ᠬᠦᠨᠳᠦ ᠶᠢ ᠣᠶᠢᠯᠠᠭᠠᠵᠤ ᠠᠮᠵᠢᠭ᠎ᠠ ᠦᠭᠡᠢ ᠯᠠ ᠪᠠᠶᠢᠨ᠎ᠠ᠃ ᠳᠤᠮᠳᠠᠴᠢ ᠪᠠᠷ ᠲᠡᠳᠡᠨ ᠦ ᠪᠡᠶ᠎ᠡ ᠶᠢᠨ ᠵᠢᠩ 75 ᠺᠢᠯᠣᠭᠷᠠᠮ ᠠᠴᠠ 544 ᠺᠢᠯᠣᠭᠷᠠᠮ ᠬᠦᠷᠥᠨ᠎ᠡ᠃ ᠳᠤᠮᠳᠠᠴᠢ ᠭᠡᠵᠦ ᠨᠡᠷᠡᠯᠡᠬᠦ ᠳᠦ ᠬᠡᠲᠦᠷᠬᠡᠢ ᠬᠡᠲᠦᠷᠬᠡᠢ ᠪᠦᠳᠦᠭᠦᠨ ᠲᠣᠶᠢᠮᠣ ᠮᠡᠲᠦ ᠰᠠᠨᠠᠭᠳᠠᠵᠤ ᠪᠠᠶᠢᠨ᠎ᠠ ᠤᠤ︖ ᠡᠨᠡ ᠨᠢ ᠪᠢᠳᠡᠨ ᠦ ᠶᠡᠬᠡᠩᠬᠢ ᠴᠢᠯᠠᠭᠤᠵᠢᠭᠰᠠᠨ ᠦᠯᠡᠳᠡᠭᠳᠡᠯ ᠪᠦᠷᠢᠨ ᠪᠤᠰᠤ᠂ ᠵᠠᠷᠢᠮ ᠰᠤᠳᠤᠯᠭ᠎ᠠ ᠨᠢ ᠪᠦᠷ ᠰᠢᠪᠠᠭᠤᠨ ᠳᠡᠭᠡᠷ᠎ᠡ ᠬᠢᠭᠳᠡᠵᠦ ᠪᠠᠶᠢᠭᠰᠠᠨ ᠲᠠᠢ ᠬᠣᠯᠪᠣᠭᠠᠲᠠᠢ ᠪᠠᠷ ᠶᠠᠭ ᠲᠠᠭ ᠬᠡᠯᠡᠬᠦ ᠳᠦ ᠬᠡᠴᠡᠭᠦᠦ᠃
ᠵᠢᠱᠢᠶᠡᠯᠡᠬᠦ ᠳᠦ ᠯᠠ ᠪᠢᠳᠡ ᠠᠩᠬ᠎ᠠ ᠫᠲᠦᠷᠦᠽᠠᠸᠷ ᠤᠳ ᠢ ᠭᠦᠶᠦᠵᠦ ᠪᠠᠶᠢᠭᠠᠳ ᠦᠰᠦᠷᠬᠦ ᠮᠠᠶ᠋ᠢᠭ ᠢᠶᠠᠷ ᠨᠢᠰᠳᠡᠭ ᠭᠡᠵᠦ ᠪᠣᠳᠣᠳᠠᠭ ᠪᠠᠶᠢᠭᠰᠠᠨ᠃ ᠲᠡᠭᠡᠲᠡᠯ᠎ᠡ ᠰᠠᠶ᠋ᠢᠬᠠᠨ ᠤ ᠰᠤᠳᠤᠯᠭ᠎ᠠ ᠲᠡᠳᠡᠨ ᠢ ᠰᠠᠷᠢᠭᠰᠠᠨ ᠪᠠᠭᠪᠠᠬᠠᠢ ᠨᠤᠭᠤᠳ ᠲᠠᠢ ᠠᠳᠠᠯᠢ ᠬᠦᠴᠦᠷᠬᠡᠭ ᠤᠷᠳᠤ 2 ᠬᠥᠯ ᠢᠶᠡᠷ ᠢᠶᠡᠨ ᠲᠦᠯᠬᠢᠯᠲᠡ ᠥᠭᠴᠦ ᠠᠭᠠᠷ ᠲᠤ ᠭᠠᠷᠳᠠᠭ ᠪᠠᠶᠢᠭᠰᠠᠨ ᠪᠠᠶᠢᠵᠤ ᠪᠣᠯᠬᠤ ᠶᠢ ᠦᠵᠡᠭᠦᠯᠵᠡᠢ᠃
ᠫᠠᠯᠧᠣᠨᠲ᠋ᠣᠯᠣᠭᠴᠢ ᠨᠠᠷ ᠫᠲᠦᠷᠦᠽᠠᠸᠷ ᠤᠳ ᠤᠨ ᠲᠠᠯ᠎ᠠ ᠪᠠᠷ ᠲᠠᠶᠢᠯᠵᠤ ᠴᠢᠳᠠᠭ᠎ᠠ ᠦᠭᠡᠢ ᠨᠢᠭᠤᠴᠠ ᠨᠤᠭᠤᠳ ᠮᠠᠰᠢ ᠶᠡᠬᠡ᠃ ᠪᠢᠳᠡ ᠬᠠᠷᠠᠬᠠᠨ ᠲᠡᠳᠡᠨ ᠦ ᠶᠠᠭᠠᠬᠢᠵᠤ ᠠᠭᠠᠷ ᠲᠤ ᠭᠠᠷᠳᠠᠭ ᠪᠠᠶᠢᠭᠰᠠᠨ᠂ ᠲᠡᠳᠡ ᠲᠩᠷᠢ ᠳᠡᠭᠡᠷ᠎ᠡ ᠶᠠᠮᠠᠷ ᠰᠢᠤᠬᠠᠨ ᠬᠠᠷᠠᠭᠳᠠᠳᠠᠭ ᠪᠠᠶᠢᠭᠰᠠᠨ ᠢ ᠪᠦᠷᠢᠨ ᠣᠶᠢᠯᠠᠭᠠᠵᠤ ᠴᠢᠳᠠᠭ᠎ᠠ ᠦᠭᠡᠢ᠃ ᠲᠡᠳᠡ ᠳᠠᠯᠠᠪᠴᠢ ᠪᠠᠨ ᠳᠡᠪᠢᠳᠡᠭ ᠪᠠᠶᠢᠭᠰᠠᠨ ᠪᠣᠯᠪᠠ ᠤᠤ᠂ ᠡᠰᠡᠪᠡᠯ ᠠᠭᠠᠷ ᠲᠤ ᠬᠥᠪᠥᠳᠡᠭ᠌ ᠪᠠᠶᠢᠭᠰᠠᠨ ᠪᠣᠯᠪᠠ ᠤᠤ︖ ᠨᠢᠭᠡ ᠤᠳᠠᠭ᠎ᠠ ᠳᠤ ᠬᠢᠷᠢ ᠤᠳᠠᠭᠠᠨ ᠬᠤᠭᠤᠴᠠᠭ᠎ᠠ ᠶᠢ ᠲᠩᠷᠢ ᠳᠦ ᠥᠩᠭᠡᠷᠡᠭᠡᠵᠦ ᠴᠢᠳᠠᠳᠠᠭ ᠪᠠᠶᠢᠭᠰᠠᠨ ᠢ ᠪᠢᠳᠡ ᠣᠳᠣ ᠶᠢ ᠬᠦᠷᠲᠡᠯ᠎ᠡ ᠮᠡᠳᠡᠵᠦ ᠴᠢᠳᠠᠭ᠎ᠠ ᠦᠭᠡᠢ᠃ ᠬᠡᠷᠬᠢᠨ ᠭᠠᠵᠠᠷᠳᠠᠳᠠᠭ ᠪᠠᠶᠢᠭᠰᠠᠨ ᠢ ᠴᠤ ᠮᠡᠳᠡᠬᠦ ᠦᠭᠡᠢ᠃ ᠪᠦᠷ ᠲᠡᠳᠡᠨ ᠢ ᠨᠢᠰᠬᠦ ᠳ᠋ᠤ ᠬᠡᠲᠦᠷᠬᠡᠢ ᠬᠦᠨᠳᠦ᠂ ᠨᠢᠰᠴᠦ ᠴᠢᠳᠠᠳᠠᠭ ᠦᠭᠡᠢ ᠪᠠᠶᠢᠭᠰᠠᠨ ᠭᠡᠵᠦ ᠦᠵᠡᠬᠦ ᠬᠦᠮᠦᠰ ᠴᠤ ᠴᠥᠭᠡᠨ ᠦᠭᠡᠢ᠃ ᠲᠡᠭᠡᠪᠡᠯ ᠲᠡᠳᠡ ᠳᠠᠯᠠᠪᠴᠢ ᠪᠠᠷ ᠶᠠᠭᠤ ᠬᠢᠳᠡᠭ ᠪᠠᠶᠢᠭᠰᠠᠨ ᠪᠤᠢ︖
ᠡᠨᠡ ᠠᠰᠠᠭᠤᠯᠲᠠ ᠨᠤᠭᠤᠳ ᠲᠤ ᠰᠢᠨ᠎ᠡ ᠲᠧᠭᠨᠢᠭ ᠲᠡᠭᠨᠣᠯᠣᠭᠢ᠂ ᠰᠢᠨ᠎ᠡ ᠣᠯᠳᠠᠪᠤᠷᠢ ᠨᠤᠭᠤᠳ ᠬᠡᠷᠬᠢᠨ ᠬᠠᠷᠢᠭᠤᠯᠬᠤ ᠶᠢ ᠯᠠ ᠬᠦᠯᠢᠶᠡᠬᠦ ᠦᠯᠡᠳᠡᠯ᠎ᠡ᠃
3
0