ᠮᠤᠩᠭᠤᠯ ᠰᠦᠯᠵᠢᠶ᠎ᠠ ᠪᠤᠯᠤᠨ ᠮᠤᠩᠭᠤᠯ ᠰᠤᠹᠲ
ᠮᠤᠩᠭᠤᠯ ᠰᠦᠯᠵᠢᠶ᠎ᠠ ᠪᠤᠯᠤᠨ ᠮᠤᠩᠭᠤᠯ ᠰᠤᠹᠲ ᠪᠠᠰᠠ ᠪᠢᠳᠠᠨ ᠣ ᠮᠤᠩᠭᠤᠯ ᠰᠤᠶᠤᠯ ᠤᠨ ᠴᠢᠬᠤᠯᠠ ᠨᠢᠭᠡ ᠪᠦᠷᠢᠯᠳᠤᠬᠦᠨ ᠬᠡᠰᠡᠭ ᠮᠦᠨ᠃ ᠮᠤᠩᠭᠤᠯᠴᠤᠳ ᠪᠢᠳᠠ ᠮᠤᠩᠭᠤᠯ ᠰᠦᠯᠵᠢᠶ᠎ᠠ ᠪᠤᠯᠤᠨ ᠮᠤᠩᠭᠤᠯ ᠰᠤᠹᠲ ᠳ᠋ᠦ ᠪᠠᠨ ᠮᠠᠰᠢ ᠬᠠᠢᠷᠠᠲᠠᠢ᠃
8909
2018-10-24 19:41
发表于:内蒙古
ᠮᠤᠩᠭᠤᠯ ᠰᠦᠯᠵᠢᠶ᠎ᠡ ᠪᠤᠯᠤᠨ ᠮᠤᠩᠭᠤᠯ ᠰᠤᠹᠲ ᠪᠠᠰᠠ ᠮᠠᠰᠢ ᠭᠤᠶᠤ ᠪᠠᠢᠨ᠎ᠠ᠂2004 ᠤᠨ ᠳ᠋ᠦ ᠬᠠᠮᠤᠭ ᠠᠩᠬᠠᠨ ᠤ ᠮᠤᠩᠭᠤᠯ ᠰᠦᠯᠵᠢᠶ᠎ᠠ︽ ᠮᠤᠩᠭᠤᠯ ᠰᠤᠶᠤᠯ︾ ᠰᠦᠯᠵᠢᠶ᠎ᠠ ᠮᠡᠨᠳᠦᠯᠡᠪᠠ᠃ ᠪᠢ︽ ᠮᠤᠩᠭᠤᠯ ᠰᠤᠶᠤᠯ︾ ᠰᠦᠯᠵᠢᠶᠡᠨ ᠳ᠋ᠦ ᠭᠠᠷᠤᠭᠠᠳ ᠠᠯᠠᠰᠬᠢᠨ ᠪᠠᠶᠠᠷᠯᠠᠪᠠ᠂ ᠶᠤᠰᠤᠲᠠᠢ ᠭᠤᠶᠤ ᠰᠦᠯᠵᠢᠶ᠎ᠡ ᠪᠠᠢᠨ᠎ᠠ᠃ ᠪᠤᠰᠤᠭ᠎ᠠ ᠮᠤᠩᠭᠤᠯ ᠦᠰᠦᠭ ᠮᠢᠨᠢ ᠰᠦᠯᠵᠢᠶᠡᠨ ᠳ᠋ᠦ ᠤᠷᠤᠪᠠ᠂ ᠶᠤᠰᠤᠲᠠᠢ ᠪᠠᠶᠠᠷ ᠤᠨ ᠶᠠᠪᠤᠳᠠᠯ ᠮᠦᠨ᠃
ᠨᠠᠮ᠎ᠠ ᠶᠢ ᠶᠡᠭᠡ ᠰᠤᠷᠭᠠᠭᠤᠯᠢ ᠳ᠋ᠦ ᠰᠤᠷᠤᠯᠴᠠᠵᠦ ᠪᠠᠢᠭ᠎ᠠ ᠦᠶ᠎ᠡ ᠳ᠋ᠦ ᠮᠤᠩᠭᠠᠯ ᠦᠰᠦᠭ ᠦᠨ ᠬᠠᠮᠤᠭ ᠠᠩᠬᠠᠨ ᠤ ᠲᠠᠷᠤᠢᠬᠠᠨ ᠴᠢᠮᠡᠭᠡᠯᠡᠭᠴᠢ︽ ᠪᠤᠯᠵᠤᠭ᠎ᠠ︾ ᠲᠠᠷᠤᠢᠬᠠᠨ ᠴᠢᠮᠡᠭᠡᠯᠡᠭᠴᠢ ᠮᠡᠨᠳᠦᠯᠡᠪᠠ᠃ ᠡᠨᠡ ᠪᠤᠯ ᠨᠡᠩ ᠶᠡᠭᠡ ᠪᠠᠶᠠᠷ ᠤᠨ ᠶᠡᠪᠤᠳᠠᠯ ᠮᠦᠨ᠂QQ ᠡᠴᠡ ᠬᠤᠴᠤᠷᠤᠯ ᠦᠭᠡᠢ ᠪᠠᠷ︽ ᠪᠤᠯᠵᠤᠭ᠎ᠠ︾ ᠮᠤᠩᠭᠤᠯ ᠲᠠᠷᠤᠢᠬᠠᠨ ᠴᠢᠮᠡᠭᠡᠯᠡᠭᠴᠢ ᠲᠠᠢ ᠪᠤᠯᠤᠭᠰᠠᠨ ᠪᠠᠢᠨ᠎ᠠ᠃ ᠰᠤᠨᠤᠰᠤᠯᠲᠠ ᠪᠠᠷ ᠨᠡᠩ ᠰᠢᠨ᠎ᠠ ᠬᠡᠪ ᠦᠨ︽ ᠪᠤᠯᠵᠤᠭ᠎ᠠ︾ ᠶᠢ2019 ᠤᠨ ᠤ ᠨᠢᠭᠡᠳᠤᠭᠡᠷ ᠰᠠᠷ᠎ᠠ ᠶᠢᠨ ᠡᠬᠢᠨ ᠳ᠋ᠦ ᠨᠡᠢᠳᠡᠯᠡᠨᠠ ᠬᠡᠨ᠎ᠠ᠂ ᠮᠠᠰᠢ ᠪᠠᠶᠠᠷᠯᠠᠵᠤ ᠪᠠᠢᠨ᠎ᠠ᠃
︽ ᠲᠤᠷᠠᠨ ᠬᠠᠷᠠᠭ᠎ᠠ︾ ᠮᠤᠩᠭᠤᠯ ᠰᠦᠯᠵᠢᠶ᠎ᠠ ᠪᠠᠰᠠ ᠮᠠᠰᠢ ᠭᠤᠶᠤ ᠪᠠᠢᠨ᠎ᠠ᠂︽ ᠲᠤᠷᠠᠨ ᠬᠠᠷᠠᠭ᠎ᠠ︾ ᠰᠦᠯᠵᠢᠶ᠎ᠠ ᠶᠢ ᠡᠬᠦᠰᠬᠡᠨ ᠪᠠᠢᠭᠤᠯᠤᠭᠰᠠᠨ ᠬᠦᠬᠡ ᠨᠠᠢᠵᠠ ᠳ᠋ᠦ ᠮᠠᠰᠢ ᠪᠠᠶᠠᠷᠯᠠᠯ᠎ᠠ᠃
2015 ᠤᠨ ᠳ᠋ᠦ︽ ᠪᠠᠢᠨᠠᠦ︾ ᠮᠤᠩᠭᠤᠯ ᠰᠤᠹᠲ ᠮᠡᠨᠳᠦᠯᠡᠪᠠ᠂ ᠡᠨᠡ ᠪᠤᠯ ᠪᠠᠰᠠ ᠨᠢᠭᠡ ᠪᠠᠶᠠᠷ ᠤᠨ ᠶᠠᠪᠤᠳᠠᠯ ᠮᠦᠨ᠂ ᠸᠢᠴᠡᠲ ᠡᠴᠡ ᠬᠤᠴᠦᠷᠠᠯ ᠦᠭᠡᠢ ᠪᠠᠷ︽ ᠪᠠᠢᠨᠠᠦ︾ ᠮᠤᠩᠭᠤᠯ ᠰᠤᠹᠲ ᠲᠠᠢ ᠪᠤᠯᠤᠭᠰᠠᠨ ᠪᠠᠢᠨ᠎ᠠ᠃︽ ᠪᠠᠢᠨᠠᠦ︾ ᠮᠤᠩᠭᠠᠯ ᠰᠤᠹᠲ ᠢ ᠰᠤᠲᠤᠯᠤᠨ ᠪᠦᠲᠦᠭᠡᠭᠰᠡᠨ ᠮᠠᠨᠳᠦᠯ᠎ᠠ ᠪᠤᠯᠤᠨ ᠬᠦᠪᠴᠢᠨ ᠠᠬᠠᠯᠠᠭᠴᠢ ᠳ᠋ᠦ ᠮᠠᠰᠢ ᠪᠠᠶᠠᠷᠯᠠᠵᠦ ᠪᠠᠢᠨ᠎ᠠ᠃
ᠮᠤᠩᠭᠤᠯᠴᠤᠳ ᠪᠢᠳᠠ ᠮᠤᠩᠭᠤᠯ ᠰᠦᠯᠵᠢᠶ᠎ᠠ ᠪᠤᠯᠤᠨ ᠮᠤᠩᠭᠤᠯ ᠰᠤᠹᠲ ᠳ᠋ᠦ ᠪᠠᠨ ᠮᠠᠰᠢ ᠬᠠᠢᠷᠠᠲᠠᠢ᠃ ᠮᠤᠩᠭᠤᠯ ᠰᠦᠯᠵᠢᠶ᠎ᠠ ᠪᠤᠯᠤᠨ ᠮᠤᠩᠭᠤᠯ ᠰᠤᠹᠲ ᠮᠢᠨᠢ ᠨᠡᠩ ᠤᠯᠠᠨ ᠪᠤᠯᠬᠤ ᠪᠤᠯᠳᠤᠭᠠᠢ᠃
15 0