ᠰᠢᠭᠦᠮᠵᠢ
ᠲ ∙ ᠮᠠᠨᠳᠢᠷ᠎ᠠ ᠶᠢᠨ ︽ ᠬᠣᠷᠢᠨ ᠨᠢᠭᠡᠨ ᠬᠥᠷᠦᠭ ︾ ︵ ᠵᠢᠷᠤᠭᠯᠠᠯ ᠥᠭᠦᠯᠡᠯᠭᠡ ︶
ᠲ ∙ ᠮᠠᠨᠳᠢᠷ᠎ᠠ ᠶᠢᠨ ︽ ᠬᠣᠷᠢᠨ ᠨᠢᠭᠡᠨ ᠬᠥᠷᠦᠭ ︾
︵ ᠵᠢᠷᠤᠭᠯᠠᠯ ᠥᠭᠦᠯᠡᠯᠭᠡ ︶
5007
2018-10-23 10:30
发表于:内蒙古
ᠲ ∙ ᠮᠠᠨᠳᠢᠷ᠎ᠠ ᠶᠢᠨ ︽ ᠬᠣᠷᠢᠨ ᠨᠢᠭᠡᠨ ᠬᠥᠷᠦᠭ ︾
︵ ᠵᠢᠷᠤᠭᠯᠠᠯ ᠥᠭᠦᠯᠡᠯᠭᠡ ︶
ᠲᠡᠦᠬᠡᠴᠢ ᠲ ∙ ᠮᠠᠨᠳᠢᠷ᠎ᠠ ᠭᠤᠸᠠᠢ ᠶᠢᠨ 《ᠬᠣᠷᠢᠨ ᠨᠢᠭᠡᠨ ᠬᠥᠷᠦᠭ》 ᠵᠢᠷᠤᠭᠯᠠᠯ ᠦᠭᠦᠯᠡᠯᠭᠡ ᠪᠣᠯ ᠠᠩᠬᠠᠳᠠᠭᠴᠢ ᠴᠣ ᠰᠢᠨ᠎ᠡ ᠰᠣᠳᠣᠨ ᠰᠠᠨᠠᠭ᠎ᠠ ᠭᠡᠳᠡᠭ ᠢᠶᠡᠷ ᠢᠶᠡᠨ ᠭᠠᠶᠢᠬᠠᠯᠲᠠᠢ ᠲᠡᠳᠦᠢ ᠦᠭᠡᠢ ᠲᠡᠦᠬᠡᠨ ᠪᠢᠴᠢᠯᠭᠡ ᠳᠦ ᠨᠢᠭᠡᠨ ᠴᠣ ᠰᠢᠨ᠎ᠡ ᠵᠠᠮ ᠮᠥᠷ ᠢ ᠨᠡᠭᠡᠭᠡᠭᠰᠡᠨ ᠢᠶᠡᠷ ᠢᠶᠡᠨ ᠰᠢᠨ᠎ᠡ ᠦᠵᠡᠭᠳᠡᠯ ᠪᠣᠯᠤᠭᠰᠠᠨ ᠶᠤᠮ᠃ ᠮᠣᠩᠭᠣᠯ ᠤᠨ ᠲᠡᠦᠬᠡᠨ ᠳᠦ ᠲᠣᠪᠣᠶᠢᠨ ᠲᠣᠳᠣᠷᠠᠭᠰᠠᠨ ᠬᠣᠷᠢᠨ ᠨᠢᠭᠡᠨ ᠲᠡᠦᠬᠡᠲᠦ ᠬᠦᠮᠦᠨ ᠦ ᠲᠤᠬᠠᠢ ᠥᠭᠥᠯᠡᠬᠦ ᠳᠦ ᠪᠡᠨ ᠲᠡᠦᠬᠡᠨ ᠡᠬᠢ ᠰᠤᠷᠪᠤᠯᠵᠢ ᠳᠤ ᠳᠤᠷᠠᠳᠤᠭᠳᠠᠭᠰᠠᠨ ᠮᠡᠳᠡᠭᠡ ᠵᠠᠩᠭᠢ᠂ ᠨᠣᠮ ᠵᠣᠬᠢᠶᠠᠯ ᠳᠤ ᠪᠢᠴᠢᠭᠳᠡᠭᠰᠡᠨ ᠤᠩᠰᠢᠭᠴᠢ ᠶᠢᠨ ᠣᠯᠠᠨ ᠤ ᠮᠡᠳᠡᠬᠦ ᠵᠦᠢᠯᠡᠰ ᠢ ᠪᠤᠰᠤ ᠣᠭᠲᠣ ᠲᠥᠰᠥᠭᠡᠯᠡᠯ ᠳᠦ ᠪᠠᠭᠤᠬᠤ ᠦᠭᠡᠢ ᠲᠡᠶᠢᠮᠦ ᠰᠢᠨ᠎ᠡ ᠲᠥᠷᠬᠥ ᠶᠢ ᠤᠷᠠᠯᠠᠨ ᠪᠦᠲᠦᠭᠡᠭᠰᠡᠨ ᠢᠶᠡᠷ ᠢᠶᠡᠨ ᠣᠨᠴᠠᠯᠢᠭ ᠶᠤᠮ᠃ ᠵᠣᠬᠢᠶᠠᠭᠴᠢ ᠮᠠᠨᠢ ᠬᠣᠷᠢᠨ ᠨᠢᠭᠡᠨ ᠲᠡᠦᠬᠡᠲᠦ ᠬᠦᠮᠦᠨ ᠦ ᠬᠥᠷᠥᠭ ᠳᠦᠷᠢ ᠶᠢ ᠴᠣ ᠰᠢᠨ᠎ᠡ ᠪᠡᠷ ᠪᠦᠲᠦᠭᠡᠵᠦ᠂ ᠮᠣᠩᠭᠣᠯ ᠬᠦᠮᠦᠨ ᠤ ᠬᠤᠪᠴᠠᠰᠤ ᠬᠡᠷᠡᠭᠯᠡᠯ᠂ ᠴᠢᠷᠠᠢ ᠲᠥᠷᠬᠥ᠂ ᠪᠡᠶ᠎ᠡ ᠭᠠᠯᠪᠢᠷ ᠢ ᠣᠯᠠᠨ ᠡᠬᠢ ᠰᠤᠷᠪᠤᠯᠵᠢ ᠲᠠᠢ ᠬᠠᠷᠭᠤᠭᠤᠯᠤᠨ ᠦᠵᠡᠭᠰᠡᠨ ᠦ ᠦᠨᠳᠦᠰᠦᠨ ᠳᠡᠭᠡᠷ᠎ᠡ ᠮᠣᠩᠭᠣᠯ ᠲᠡᠭ ᠮᠠᠶ᠋ᠢᠭ ᠢᠶᠠᠷ ᠪᠦᠲᠦᠭᠡᠭᠰᠡᠨ ᠨᠢᠳᠦᠨ ᠳ᠋ᠤ ᠳᠣᠲᠣᠨᠣ ᠲᠤᠰᠣᠨᠠ᠃
ᠠᠲᠤᠷᠢᠶᠠᠲᠤ ᠲᠡᠩᠭᠢᠰ ᠦᠨ ᠡᠮᠦᠨ᠎ᠡ ᠪᠣᠳᠣᠯᠭᠠᠰᠢᠷᠠᠨ ᠰᠠᠭᠤᠭ᠎ᠠ ᠴᠤᠤᠲᠤ ᠰᠦᠪᠡᠭᠡᠳᠡᠢ ᠪᠠᠭᠠᠲᠤᠷ ᠤᠨ ᠡᠪᠦᠭᠡᠵᠢᠶᠡᠷ ᠳᠦᠷᠢ ᠲᠥᠷᠬᠥ ᠡᠴᠡ ᠬᠠᠭᠤᠷᠠᠢ ᠭᠠᠵᠠᠷ ᠤᠨ ᠳᠠᠶᠢᠳᠠ ᠶᠢ ᠮᠣᠷᠢᠨ ᠲᠤᠭᠤᠷᠠᠢ ᠪᠠᠷ ᠬᠡᠮᠵᠢᠵᠦ ᠳᠠᠭᠤᠰᠤᠭᠰᠠᠨ ᠮᠣᠩᠭᠣᠯ ᠪᠠᠭᠠᠲᠤᠷ ᠤᠳ ᠤᠨ ᠮᠠᠩᠯᠠᠢ ᠡᠪᠦᠭᠡᠨ ᠨᠣᠶᠠᠨ ᠤ ᠦᠷᠴᠢᠯᠡᠭᠡᠲᠦ ᠳᠤᠬᠤ᠂ ᠰᠣᠶᠣᠭ᠎ᠠ ᠰᠠᠬᠠᠯ᠂ ᠠᠮᠤᠷᠯᠠᠩᠭᠤᠢ ᠲᠥᠷᠬᠥ᠂ 《ᠪᠢᠳᠡ ᠴᠢᠳᠠᠯ᠎ᠠ》 ᠭᠡᠰᠡᠨ ᠣᠮᠤᠭ ᠪᠠᠷᠳᠠᠮ ᠰᠡᠳᠬᠢᠯ ᠬᠠᠩᠭᠠᠯᠤᠭᠤᠨ ᠪᠠᠶᠢᠳᠠᠯ ᠢ ᠣᠯᠵᠤ ᠬᠠᠷᠠᠨ᠎ᠠ᠃ ᠡᠨᠡ ᠮᠡᠲᠦ ᠪᠡᠷ ᠲᠡᠦᠬᠡᠨ ᠪᠠᠭᠠᠲᠤᠷ ᠤᠳ ᠤᠨ ᠬᠥᠷᠥᠭ ᠲᠤᠰ ᠪᠦᠷᠢ ᠲᠠᠨ ᠳᠤ ᠰᠡᠳᠬᠢᠯ ᠢᠶᠡᠨ ᠬᠦᠦᠷᠨᠢᠬᠦ ᠮᠡᠲᠦ ᠰᠡᠳᠬᠢᠭᠳᠡᠯ ᠲᠥᠷᠦᠭᠦᠯᠦᠨ᠎ᠡ᠃ ᠬᠣᠷᠢᠨ ᠨᠢᠭᠡᠨ ᠬᠥᠷᠦᠭ ᠵᠢᠷᠤᠭᠯᠠᠯ ᠦᠭᠦᠯᠡᠯᠭᠡ ᠳᠦ ᠪᠡᠨ 《ᠲᠡᠦᠬᠡ ᠶᠢᠨ ᠲᠣᠪᠴᠢᠶ᠎ᠠ》 ᠭᠡᠰᠡᠨ ᠯᠠᠪᠯᠠᠮᠵᠢ ᠣᠷᠣᠭᠤᠯᠤᠭᠰᠠᠨ ᠨᠢ ᠲᠤᠬᠠᠢ ᠶᠢᠨ ᠪᠠᠭᠠᠲᠤᠷ ᠤᠨ ᠲᠠᠯ᠎ᠠ ᠪᠠᠷ ᠦᠨᠳᠦᠰᠦᠯᠡᠯ ᠪᠠᠷᠢᠮᠲᠠ ᠲᠠᠢ ᠲᠡᠦᠬᠡᠨ ᠮᠡᠳᠡᠭᠡᠯᠡᠯ ᠢ ᠤᠩᠰᠢᠭᠴᠢᠳ ᠲᠤ ᠥᠭᠴᠦ ᠦᠭᠦᠯᠡᠯᠭᠡ ᠪᠡᠨ ᠬᠣᠯᠪᠣᠨ ᠣᠶᠢᠯᠠᠭᠠᠵᠤ᠂ ᠤᠳᠬ᠎ᠠ ᠰᠠᠨᠠᠭ᠎ᠠ ᠶᠢ ᠨᠢ ᠲᠣᠳᠣᠷᠬᠠᠢ ᠪᠣᠯᠭᠠᠬᠤ ᠭᠡᠰᠡᠨ ᠥᠪᠡᠷᠮᠢᠴᠡ ᠰᠢᠢᠳᠦᠯ ᠶᠤᠮ᠃ ᠲᠡᠦᠬᠡᠲᠦ ᠬᠦᠮᠦᠨ ᠦ ᠠᠵᠤ ᠠᠮᠢᠳᠤᠷᠠᠯ ᠤᠨ ᠨᠢᠭᠡ ᠯᠠ ᠵᠤᠷᠪᠤᠰ ᠦᠶ᠎ᠡ ᠶᠢ ᠵᠣᠬᠢᠶᠠᠮᠵᠢᠯᠠᠨ ᠠᠪᠬᠤ ᠳᠤ ᠪᠠᠨ ᠲᠤᠬᠠᠢ ᠶᠢᠨ ᠲᠡᠷᠡ ᠬᠡᠰᠡᠭ ᠡᠴᠡ ᠲᠡᠦᠬᠡᠨ ᠪᠠᠭᠠᠲᠤᠷ ᠤᠨ ᠠᠭᠠᠰᠢ ᠠᠷᠠᠨᠰᠢᠨ᠂ ᠪᠣᠳᠣᠯ ᠰᠠᠨᠠᠭ᠎ᠠ᠂ ᠵᠠᠩ ᠲᠥᠷᠬᠦ ᠶᠢ ᠮᠡᠳᠡᠵᠦ ᠠᠪᠴᠤ ᠪᠣᠯᠬᠣᠷ ᠪᠠᠶᠢᠭ᠎ᠠ ᠨᠢ 《ᠦᠬᠡᠷ ᠦᠨ ᠮᠢᠬ᠎ᠠ ᠦᠩᠬᠦᠯᠴᠡᠭ ᠲᠦ ᠪᠡᠨ ᠪᠠᠭᠳᠠᠨ᠎ᠠ》 ᠭᠡᠳᠡᠭ ᠰᠢᠭ ᠤᠷᠠᠯᠠᠬᠤᠢ ᠶᠢᠨ ᠭᠠᠶᠢᠬᠠᠮᠰᠢᠭ ᠶᠤᠮ᠃
ᠠᠯᠳᠠᠷᠲᠤ 《ᠨᠢᠭᠤᠴᠠ ᠲᠣᠪᠴᠢᠶ᠎ᠠ》 ᠍ ᠪᠠᠨ ᠯᠠ ᠪᠦᠳᠡᠭᠢ ᠪᠠᠳᠠᠭᠢ ᠮᠡᠳᠡᠵᠦ ᠪᠠᠶᠢᠭᠰᠠᠨ ᠬᠠᠭᠠᠰ ᠵᠢᠷᠠᠨ ᠤ ᠡᠮᠦᠨᠡᠬᠢ ᠲᠡᠷᠡ ᠴᠠᠭ ᠦᠶ᠎ᠡ ᠳᠦ ᠮᠣᠩᠭᠣᠯ ᠤᠨ ᠲᠡᠦᠬᠡ ᠶᠢᠨ ᠲᠠᠯ᠎ᠠ ᠪᠠᠷ ᠡᠶᠢᠮᠦ ᠰᠢᠨᠡᠯᠡᠭ᠂ ᠥᠪᠡᠷᠮᠢᠴᠡ ᠪᠢᠴᠢᠯᠭᠡ ᠭᠠᠷᠴᠤ ᠢᠷᠡᠭᠰᠡᠨ ᠨᠢ ᠣᠯᠠᠨ ᠬᠥᠮᠦᠨ ᠳ᠋ᠤ ᠡᠬᠢ ᠲᠡᠦᠬᠡ ᠪᠡᠷ ᠢᠶᠡᠨ ᠪᠠᠬᠠᠷᠬᠠᠬᠤ ᠰᠡᠳᠬᠢᠯ ᠢ ᠲᠥᠷᠦᠭᠦᠯᠵᠦ᠂ ᠲᠡᠦᠬᠡᠨ ᠪᠦᠲᠦᠭᠡᠯ ᠤᠩᠰᠢᠵᠤ ᠰᠤᠳᠤᠯᠬᠤ ᠤᠷᠮ᠎ᠠ ᠵᠣᠷᠢᠭ ᠢ ᠪᠠᠳᠠᠷᠠᠭᠠᠨ᠎ᠠ ᠭᠡᠳᠡᠭ ᠲᠦ ᠡᠷᠡᠭᠡᠯᠵᠡᠬᠦ ᠦᠭᠡᠢ ᠪᠠᠶᠢᠨ᠎ᠠ᠃ ᠨᠣᠮ ᠤᠨ ᠬᠣᠷᠣᠬᠠᠶᠢᠲᠠᠨ᠂ ᠦᠨᠡᠨᠴᠢ ᠹᠡᠨ ᠨᠦᠭᠦᠳ ᠦᠨ ᠨᠣᠮ ᠤᠨ ᠰᠠᠩ ᠤᠨ ᠲᠠᠯᠪᠢᠭᠤᠷ ᠲᠤ ᠡᠨᠡ ᠨᠣᠮ ᠪᠠᠶᠢᠬᠤ ᠤᠴᠢᠷ ᠲᠠᠢ᠂ ᠪᠠᠶᠢᠭ᠎ᠠ ᠪᠠᠶᠢᠬᠤ ᠭᠡᠳᠡᠭ ᠲᠦ ᠪᠢ ᠢᠲᠡᠭᠡᠯ ᠲᠡᠢ ᠪᠠᠶᠢᠨ᠎ᠠ᠃ ᠭᠠᠭᠴᠠ ᠷᠣᠮᠠᠨ ᠪᠢᠴᠢᠭᠡᠳ ᠲᠡᠷᠡ ᠨᠢ ᠰᠣᠩᠭᠣᠳᠠᠭ ᠲᠤᠭᠤᠷᠪᠢᠯ ᠪᠣᠯᠤᠨ ᠮᠥᠩᠬᠡᠷᠡᠭᠰᠡᠨ᠂ ᠥᠪᠡᠷ ᠢᠶᠡᠨ ᠰᠤᠷᠠᠭ ᠲᠠᠰᠤᠷᠠᠭᠰᠠᠨ ᠳᠣᠮᠣᠭᠲᠤ ᠰᠡᠯᠢᠩᠵᠧᠷ ᠰᠢᠭ ᠮᠣᠩᠭᠣᠯ ᠵᠣᠬᠢᠶᠠᠯᠴᠢ ᠪᠣᠯ ᠲ ∙ ᠮᠠᠨᠳᠢᠷ᠎ᠠ ᠭᠤᠸᠠᠢ ᠪᠢᠯᠡ᠃ ᠮᠣᠩᠭᠣᠯ ᠤᠨ ᠲᠡᠦᠬᠡᠨ ᠤᠷᠠᠨ ᠵᠣᠬᠢᠶᠠᠯ ᠳᠤ 《ᠬᠣᠷᠢᠨ ᠨᠢᠭᠡᠨ ᠬᠥᠷᠥᠭ》᠂ 《 ᠰᠠᠷᠠᠨ ᠵᠡᠪᠡ》 ᠍ ᠪᠡᠷ ᠭᠡᠷᠡᠯᠲᠦ ᠬᠥᠰᠢᠶ᠎ᠡ ᠪᠣᠰᠬᠠᠭᠰᠠᠨ ᠡᠨᠡ ᠰᠣᠳᠣ ᠠᠪᠢᠶᠠᠰᠲᠤ ᠤᠷᠠᠨ ᠪᠦᠲᠦᠭᠡᠯᠴᠢ ᠶᠠᠭᠤᠨ ᠤ ᠤᠴᠢᠷ ᠳᠠᠬᠢᠨ ᠲᠣᠮᠣᠬᠠᠨ ᠪᠦᠲᠦᠭᠡᠯ ᠲᠤᠭᠤᠷᠪᠢᠯ ᠦᠭᠡᠢ ᠠᠵᠢᠨ ᠲᠦᠵᠢᠨ ᠨᠠᠮ ᠭᠦᠮᠬᠡᠨ ᠰᠠᠭᠤᠭᠰᠠᠨ ᠢ ᠪᠤᠷᠬᠠᠨ ᠴᠤ ᠦᠯᠦ ᠮᠡᠳᠡᠬᠦ ᠪᠢᠵᠡ ᠪᠡᠨ᠃ ᠶᠠᠭᠤᠲᠠᠢ ᠴᠤ ᠲᠡᠦᠬᠡ ᠰᠣᠨᠢᠷᠬᠠᠳᠠᠭ᠂ ᠲᠡᠦᠬᠡᠨ ᠤᠷᠠᠨ ᠵᠣᠬᠢᠶᠠᠯ ᠰᠢᠮᠡᠳᠦᠨ ᠤᠩᠰᠢᠳᠠᠭ ᠬᠡᠨ ᠪᠦᠬᠦᠨ ᠵᠠᠪᠠᠯ ᠤᠩᠰᠢᠵᠤ ᠲᠠᠨᠢᠯᠴᠠᠬᠤ ᠶᠣᠰᠣᠲᠠᠢ᠂ ᠲᠡᠦᠬᠡᠨ ᠪᠢᠴᠢᠯᠭᠡ ᠶᠢᠨ ᠥᠪᠡᠷᠮᠢᠴᠡ ᠪᠦᠲᠦᠭᠡᠯ ᠦᠳ ᠭᠡᠳᠡᠭ ᠢ ᠰᠠᠨᠠᠭᠤᠯᠵᠤ ᠬᠡᠯᠡᠶ᠎ᠡ︕
ᠬᠥᠬᠡ ᠲᠣᠯᠪᠣᠲᠤ ᠳ ∙ ᠲᠡᠮᠦᠷ-ᠣᠴᠢᠷ ︵ ᠲᠦᠮᠡᠲᠦ ᠰᠢᠨ᠎ᠡ ᠬᠥᠷᠪᠡᠭᠦᠯᠪᠡ ︶
2018-05-01
1 0