ᠶᠤᠭᠳᠠ ᠦᠯᠢᠭᠡᠷ
ᠡᠮ ᠵᠠᠰᠠᠯ
ᠬᠡᠷᠡᠭᠦᠯ ᠤᠨ ᠠᠯᠢᠮ᠎ᠠ ᠶᠢ ᠣᠭᠲᠣᠯᠤᠭᠴᠢ ᠡᠮ
6067
2018-10-14 14:45
发表于:内蒙古
ᠬᠡᠷᠡᠭᠦᠯ ᠢ ᠡᠮᠴᠢᠯᠡᠭᠰᠡᠨ 《ᠡᠮ》
ᠡᠪ ᠨᠠᠶᠢᠷᠠᠮᠳᠠᠯ ᠦᠭᠡᠢ ᠭᠡᠷ ᠪᠦᠯᠢ ᠪᠠᠶᠢᠵᠠᠢ᠃ ᠡᠳᠦᠷ ᠪᠦᠷᠢ ᠡᠬᠡᠨᠡᠷ ᠨᠥᠬᠥᠷ ᠬᠣᠶᠠᠷ ᠮᠠᠷᠭᠤᠯᠳᠤᠳᠠᠭ ᠪᠠᠶᠢᠯ᠎ᠠ᠃ ᠵᠢᠵᠢᠭ ᠰᠠᠵᠢᠭ ᠵᠦᠢᠯ ᠡᠴᠡ ᠪᠣᠯᠵᠤ ᠬᠡᠷᠡᠯᠳᠦᠨ᠂ ᠡᠳ᠋ ᠬᠣᠭᠰᠢᠯ ᠢᠶᠠᠨ ᠰᠢᠳᠡᠯᠴᠡᠨ᠂ ᠪᠡᠶ᠎ᠡ ᠪᠡᠶᠡᠨ ᠢᠶᠡᠨ ᠴᠣᠬᠢᠵᠤ ᠭᠡᠮᠲᠦᠭᠡᠬᠦ ᠨᠢ ᠡᠩ ᠦᠨ ᠬᠡᠷᠡᠭ ᠪᠠᠶᠢᠯ᠎ᠠ᠃ ᠪᠡᠶ᠎ᠡ ᠳ᠋ᠡᠭᠡᠨ ᠳᠦᠭᠦᠷᠡᠩ ᠰᠣᠷᠪᠢ ᠲᠠᠢ᠂ ᠪᠦᠲᠦᠨ ᠲᠠᠪᠢᠯᠭ᠎ᠠ ᠴᠤ ᠦᠭᠡᠢ ᠪᠣᠯᠪᠠ᠃
ᠴᠢᠨᠠᠭᠰᠢᠳᠠ ᠡᠨᠡ ᠮᠡᠲᠦ ᠪᠠᠶᠢᠵᠤ ᠪᠠᠶᠢᠵᠤ ᠪᠣᠯᠬᠤ ᠦᠭᠡᠢ ᠭᠡᠵᠦ ᠪᠣᠳᠣᠭᠰᠠᠨ ᠡᠬᠡᠨᠡᠷ ᠨᠢ ᠰᠡᠳᠬᠢᠯ ᠵᠦᠢᠴᠢ ᠳ᠋ᠤ ᠣᠴᠢᠵᠠᠢ᠃
-ᠡᠮᠴᠢ ᠡ᠂ ᠮᠠᠨ ᠤ ᠭᠡᠷ ᠪᠦᠯᠢ ᠦᠨᠡᠬᠡᠷ ᠶᠡᠬᠡ ᠬᠡᠷᠡᠯᠳᠦᠳᠡᠭ᠃ ᠬᠡᠷᠡᠭᠦᠯ ᠮᠠᠷᠭᠤᠭᠠᠨ ᠦᠭᠡᠢ ᠪᠠᠶᠢᠬᠤ ᠠᠷᠭ᠎ᠠ ᠴᠢᠷᠭ᠎ᠠ ᠪᠠᠶᠢᠨ᠎ᠠ ᠤᠤ ᠭᠡᠵᠦ ᠠᠰᠠᠭᠤᠴᠠᠢ᠃ ᠡᠮᠴᠢ ᠢᠯᠳᠠᠮᠬᠠᠨ ᠢᠨᠢᠶᠡᠮᠰᠦᠭᠯᠡᠵᠦ᠄
-ᠰᠠᠨᠠᠭ᠎ᠠ ᠵᠣᠪᠠᠯᠲᠠ ᠦᠭᠡᠢ ᠡ︕ ᠮᠠᠨ ᠤ ᠳᠤ ᠬᠡᠷᠡᠭᠦᠯ ᠢ ᠡᠮᠴᠢᠯᠡᠳᠡᠭ ᠭᠠᠶᠢᠬᠠᠯᠲᠠᠢ ᠡᠮ ᠪᠠᠶᠢᠭ᠎ᠠ᠃ ᠪᠢᠴᠢᠭᠡᠳ ᠥᠭᠭᠦᠶ᠎ᠡ᠂ ᠲᠦᠷ ᠬᠦᠯᠢᠶᠡᠨ᠎ᠡ ᠦᠦ ᠭᠡᠳ ᠡᠮ ᠦᠨ ᠰᠠᠩ ᠤᠷᠤᠭᠤ ᠪᠠᠨ ᠤᠷᠤᠪᠠ᠃ ᠬᠡᠰᠡᠭ ᠬᠤᠭᠤᠴᠠᠭᠠᠨ ᠤ ᠳᠠᠷᠠᠭ᠎ᠠ ᠨᠢᠭᠡᠨ ᠰᠢᠯ ᠰᠠᠪᠠ ᠲᠠᠢ 《ᠤᠰᠤᠨ ᠡᠮ︾ ᠪᠠᠷᠢᠭᠠᠳ ᠭᠠᠷᠴᠤ ᠢᠷᠡᠪᠡ᠃ ᠲᠡᠭᠡᠭᠡᠳ ᠡᠮᠡᠭᠲᠡᠢ ᠳᠦ ᠥᠭᠭᠦᠩᠭᠡᠨ᠄
-ᠮᠠᠷᠭᠤᠯᠳᠤᠵᠤ ᠡᠬᠢᠯᠡᠬᠦ ᠭᠡᠵᠦ ᠪᠠᠶᠢᠭ᠎ᠠ ᠪᠠᠨ ᠮᠡᠳᠡᠷᠡᠬᠦ ᠦᠶ᠎ᠡ ᠳ᠋ᠡᠭᠡᠨ ᠡᠨᠡ ᠡᠮ ᠡᠴᠡ ᠭᠤᠷᠪᠠᠨ ᠬᠠᠯᠪᠠᠭ᠎ᠠ ᠤᠤᠭᠤᠭᠠᠷᠠᠢ᠃ ᠭᠡᠬᠦ ᠳᠦ ᠪᠡᠨ ᠠᠩᠬᠠᠷᠤᠭᠤᠯᠬᠤ ᠵᠦᠢᠯ ᠪᠠᠶᠢᠨ᠎ᠠ᠂ ᠡᠨᠡ ᠡᠮ ᠢ ᠠᠮᠠᠨ ᠳᠤ ᠪᠠᠨ 3 ᠮᠢᠨᠦ᠋ᠲ ᠪᠠᠶᠢᠯᠭᠠᠵᠤ ᠪᠠᠶᠢᠭᠠᠳ ᠵᠠᠯᠭᠢᠭᠠᠷᠠᠢ᠃ ᠲᠡᠭᠡᠬᠦ ᠦᠭᠡᠢ ᠪᠣᠯ ᠡᠮ᠎ᠡ ᠦᠷ᠎ᠡ ᠳ᠋ᠦᠩ ᠢᠶᠡᠨ ᠥᠭᠭᠦ ᠦᠭᠡᠢ ᠰᠢᠦ︕ ᠭᠡᠵᠡᠢ᠃
ᠡᠬᠡᠨᠡᠷ ᠨᠢ ᠡᠮ ᠢᠶᠡᠨ ᠠᠪᠤᠭᠠᠳ ᠭᠡᠷ ᠲᠦ ᠪᠡᠨ ᠢᠷᠡᠵᠦ ᠡᠮᠴᠢ ᠶᠢᠨ ᠵᠢᠭᠠᠪᠤᠷᠢᠯᠠᠭᠰᠠᠨ ᠤ ᠳᠠᠭᠠᠤ ᠬᠢᠪᠡ᠃ ᠡᠮ ᠦᠨ ᠦᠷ᠎ᠡ ᠨᠥᠯᠥᠭᠡ ᠭᠠᠶᠢᠬᠠᠯᠲᠠᠢ ᠪᠠᠶᠢᠯ᠎ᠠ᠃ ᠡᠮ ᠤᠤᠭᠤᠭᠰᠠᠨ ᠠᠴᠠ ᠬᠣᠶᠢᠰᠢ ᠲᠡᠷᠡ ᠬᠣᠶᠠᠷ ᠳᠠᠬᠢᠨ ᠮᠠᠷᠭᠤᠯᠳᠤᠬᠤ ᠦᠭᠡᠢ ᠠᠮᠤᠷ ᠲᠠᠶᠢᠪᠤᠩ ᠠᠮᠢᠳᠤᠷᠠᠬᠤ ᠪᠣᠯᠵᠠᠢ᠃
ᠬᠡᠰᠡᠭ ᠬᠤᠭᠤᠴᠠᠭᠠᠨ ᠤ ᠳᠠᠷᠠᠭ᠎ᠠ ᠡᠮ ᠨᠢ ᠳᠠᠭᠤᠰᠪᠠ᠃ ᠡᠬᠡᠨᠡᠷ ᠰᠡᠳᠬᠢᠯ ᠵᠦᠢᠴᠢ ᠲᠡᠢ ᠲᠠᠬᠢᠨ ᠠᠭᠤᠯᠵᠠᠵᠤ ᠡᠮ ᠦᠨ ᠦᠷ᠎ᠡ ᠳ᠋ᠦᠩ ᠪᠠ ᠡᠮ ᠳᠠᠭᠤᠰᠤᠭᠰᠠᠨ ᠢ ᠬᠡᠯᠡᠭᠡᠳ᠂ ᠳᠠᠬᠢᠭᠠᠳ ᠡᠮ ᠡᠴᠡ ᠪᠡᠨ ᠠᠪᠤᠶ᠎ᠠ ᠭᠡᠯᠡ᠃ ᠰᠡᠳᠬᠢᠯ ᠵᠦᠢᠴᠢ ᠢᠨᠢᠶᠡᠮᠰᠦᠭᠯᠡᠨ ᠲᠡᠭᠦᠨ ᠢ ᠬᠠᠷᠠᠭᠰᠠᠨ ᠢᠶᠠᠨ᠄
-ᠲᠠ ᠣᠳᠣ ᠡᠨᠡ ᠡᠮ ᠡᠴᠡ ᠠᠪᠬᠤ ᠱᠠᠭᠠᠷᠳᠠᠯᠭ᠎ᠠ ᠪᠠᠶᠢᠬᠤ ᠦᠭᠡᠢ᠃ ᠲᠠᠨ ᠳᠤ ᠥᠭᠭᠦᠭᠰᠡᠨ ᠡᠮ ᠪᠣᠯ ᠵᠦᠭᠡᠷ ᠯᠠ ᠥᠩᠭᠡ ᠣᠷᠣᠭᠤᠯᠤᠭᠰᠠᠨ ᠤᠰᠤ ᠲᠡᠳᠦᠶᠢᠬᠡᠨ ᠵᠦᠢᠯ ᠰᠢᠦ ᠳ᠋ᠡ᠃ ᠬᠠᠷᠢᠨ ᠦᠷ᠎ᠡ ᠳ᠋ᠦᠩ ᠨᠢ 3 ᠮᠢᠨᠦ᠋ᠲ ᠲᠡᠰᠦᠭᠰᠡᠨ ᠳᠦ ᠯᠠ ᠪᠠᠶᠢᠭ᠎ᠠ ᠶᠤᠮ ᠰᠢᠦ ᠳ᠋ᠡ ᠭᠡᠵᠡᠢ︕
《ᠬᠤᠷᠴᠠ ᠵᠠᠩ ᠲᠠᠢ ᠬᠦᠮᠦᠨ ᠬᠡᠷᠡᠭᠦᠯ ᠢ ᠥᠳᠥᠭᠡᠳᠡᠭ ᠪᠣᠯ ᠠᠭᠤᠷᠯᠠᠬᠤ ᠳᠤ ᠪᠠᠨ ᠤᠳᠠᠭᠠᠨ ᠬᠦᠮᠦᠨ ᠬᠡᠷᠡᠭᠦᠯ ᠮᠠᠷᠭᠤᠭᠠᠨ ᠢ ᠨᠠᠮᠵᠢᠭᠠᠳᠠᠭ》
ᠲᠡᠪᠴᠢᠶᠡᠷᠢ ᠭᠡᠳᠡᠭ ᠭᠠᠶᠢᠬᠠᠯᠲᠠᠢ ᠡᠮ ᠰᠢᠦ
7
0