ᠰᠢᠭᠦᠮᠵᠢ
ᠬᠠᠮᠠᠷ
ᠬᠠᠮᠠᠷ
-ᠠᠺᠦᠶᠢᠲ᠋ᠠᠭᠠᠪᠠ ᠷᠠᠨᠠᠰᠺᠡ-ᠬᠦᠮᠦᠨ ᠦ ᠳᠠᠯᠳᠠ ᠠᠷᠠᠨᠰᠢᠨ ᠢ ᠭᠣᠶᠢᠳᠠ ᠬᠣᠷᠵᠢᠶᠠᠨ ᠲᠠᠢ ᠶᠥᠭᠡᠲᠡᠢ ᠪᠢᠴᠢᠳᠡᠭ ᠵᠣᠬᠢᠶᠠᠯᠴᠢ
4977
2018-09-06 19:32
发表于:内蒙古
ᠬᠠᠮᠠᠷ
-ᠠᠺᠦᠶᠢᠲ᠋ᠠᠭᠠᠪᠠ ᠷᠠᠨᠠᠰᠺᠡ-ᠬᠦᠮᠦᠨ ᠦ ᠳᠠᠯᠳᠠ ᠠᠷᠠᠨᠰᠢᠨ ᠢ ᠭᠣᠶᠢᠳᠠ ᠬᠣᠷᠵᠢᠶᠠᠨ ᠲᠠᠢ ᠶᠥᠭᠡᠲᠡᠢ ᠪᠢᠴᠢᠳᠡᠭ ᠵᠣᠬᠢᠶᠠᠯᠴᠢ
ᠵᠡᠨᠡᠲᠢ ᠯᠠᠮᠠᠳᠠᠨ ᠬᠦᠮᠦᠨ ᠬᠦᠮᠦᠨ ᠡᠴᠡ ᠭᠠᠵᠢᠭᠤᠳ ᠤᠷᠲᠤ ᠬᠠᠮᠠᠷ ᠠᠴᠠ ᠪᠠᠨ ᠢᠴᠢᠵᠦ ᠵᠣᠪᠠᠵᠤ ᠶᠠᠪᠤᠳᠠᠭ ᠨᠢᠭᠡᠨ᠃ ᠬᠦᠮᠦᠰ ᠨᠠᠮ᠎ᠠ ᠶᠢ ᠱᠣᠣᠯᠠᠳᠠᠭ ᠪᠠᠶᠢᠬᠤ ᠳ᠋ᠨ ᠭᠡᠵᠦ ᠪᠣᠳᠣᠬᠤ ᠠᠴᠠ ᠭᠣᠣᠯ ᠨᠢ ᠬᠠᠷᠯᠠᠵᠤ᠂ ᠵᠣᠪᠠᠵᠤ ᠰᠢᠨᠠᠯᠵᠤ ᠶᠠᠪᠤᠭ᠎ᠠ ᠶᠢ ᠮᠠᠨᠢ ᠬᠦᠮᠦᠨ ᠠᠮᠢᠲᠠᠨ ᠮᠡᠳᠡᠴᠢᠬᠡᠬᠦ ᠪᠤᠢ ᠭᠡᠵᠦ ᠦᠬᠦᠲᠡᠯ᠎ᠡ ᠪᠡᠨ ᠠᠶᠤᠨ᠎ᠠ᠃ ᠥᠪᠡᠷ ᠰᠢᠭ ᠢᠶᠡᠨ ᠬᠠᠮᠠᠷ ᠲᠠᠢ ᠬᠦᠮᠦᠨ ᠲᠠᠭᠠᠷᠠᠪᠠᠯ ᠰᠠᠶ᠋ᠢ ᠨᠢᠭᠡ ᠰᠡᠳᠬᠢᠯ ᠨᠢ ᠣᠩᠭᠣᠶᠢᠮᠠᠷ᠃ ᠭᠠᠴᠢᠯᠠᠩ ᠲᠠᠢ ᠨᠢ ᠲᠡᠶᠢᠮᠦ ᠬᠦᠮᠦᠨ ᠲᠠᠭᠠᠷᠠᠭᠰᠠᠨ ᠦᠭᠡᠢ᠃ ᠨᠣᠮ ᠰᠤᠳᠤᠷ ᠱᠦᠭᠦᠷᠳᠡᠵᠦ ᠦᠵᠡᠭᠰᠡᠨ ᠴᠤ ᠭᠣᠶᠢᠳᠠ ᠶᠢᠨ ᠤᠷᠲᠤ ᠬᠠᠮᠠᠷ ᠲᠠᠢ ᠬᠦᠮᠦᠨ ᠦ ᠲᠤᠬᠠᠢ ᠮᠡᠳᠡᠭᠡ ᠪᠠᠷᠢᠮᠲᠠ ᠣᠯᠳᠠᠭᠰᠠᠨ ᠦᠭᠡᠢ᠃ ᠬᠠᠷᠢᠨ ᠬᠢᠲᠠᠳ ᠤᠨ ᠨᠢᠭᠡᠨ ᠬᠠᠭᠠᠨ ᠡᠯᠵᠢᠭᠡ ᠰᠢᠭ ᠤᠷᠲᠤ ᠴᠢᠬᠢ ᠲᠡᠢ ᠪᠠᠶᠢᠭᠰᠠᠨ ᠢ ᠣᠯᠵᠤ ᠮᠡᠳᠡᠵᠡᠢ᠃ ᠬᠠᠷᠠᠮᠰᠠᠯ ᠲᠠᠢ ᠶᠤᠮ᠂ ᠴᠢᠬᠢ ᠨᠢ ᠪᠢᠰᠢ ᠬᠠᠮᠠᠷ ᠨᠢ ᠤᠷᠲᠤ ᠪᠠᠶᠢᠭᠰᠠᠨ ᠪᠣᠯ ᠮᠠᠨᠢ ᠯᠠᠮᠠ ᠲᠠᠶᠢᠪᠤᠰᠢᠷᠠᠬᠤ ᠪᠠᠶᠢᠯ᠎ᠠ᠃ ᠬᠦᠮᠦᠰ ᠦᠨ ᠴᠢᠷᠠᠢ ᠵᠢᠰᠦ᠂ ᠡᠮᠦᠰᠦᠭᠰᠡᠨ ᠬᠤᠪᠴᠠᠰᠤ ᠨᠢ ᠰᠣᠨᠢᠨ ᠪᠢᠰᠢ ᠭᠠᠭᠴᠠᠬᠦ ᠬᠠᠮᠠᠷ ᠢ ᠨᠢ ᠯᠠ ᠠᠵᠢᠭᠯᠠᠨ᠎ᠠ᠃ ᠬᠦᠮᠦᠰ ᠲᠡᠢ ᠶᠠᠷᠢᠯᠴᠠᠬᠤ ᠳᠤ ᠪᠠᠨ ᠬᠠᠮᠠᠷ ᠤᠨ ᠲᠤᠬᠠᠢ ᠶᠠᠷᠢᠶ᠎ᠠ ᠭᠠᠷᠬᠤ ᠪᠤᠢ ᠭᠡᠮᠡᠨ ᠤᠬᠠᠭᠠᠨ ᠦᠭᠡᠢ ᠠᠶᠤᠨ᠎ᠠ᠃ ᠶᠡᠷᠦ ᠨᠢ ᠬᠡᠨ ᠴᠤ ᠮᠡᠳᠡᠬᠦ ᠦᠭᠡᠢ ᠪᠣᠯᠬᠤ ᠠᠴᠠ ᠠᠮᠢᠳᠤ ᠶᠢᠨ ᠲᠠᠮᠤ ᠳᠤ ᠤᠨᠠᠵᠠᠢ᠃
《ᠥᠪᠡᠷ ᠡᠴᠡ ᠪᠡᠨ ᠲᠡᠨᠡᠭ ᠬᠦᠮᠦᠨ ᠲᠡᠢ ᠠᠩᠬ᠎ᠠ ᠤᠳᠠᠭ᠎ᠠ ᠲᠠᠭᠠᠷᠠᠭᠠᠳ ᠳᠣᠲᠣᠷ᠎ᠠ ᠣᠩᠭᠣᠶᠢᠴᠢᠬᠠᠯᠠ 》 ᠭᠡᠵᠦ ᠰᠣ ᠰᠧᠷᠢᠶᠠᠯ ᠳᠡᠭᠡᠷ᠎ᠡ ᠨᠢᠭᠡ ᠬᠡᠦᠬᠡᠨ ᠬᠡᠯᠡᠳᠡᠭ ᠰᠢᠦ ᠳ᠋ᠡ︕ ᠡᠨᠡ ᠰᠣᠭᠲᠣᠭᠤ ᠲᠡᠨᠡᠭ ᠬᠡᠦᠬᠡᠨ ᠴᠢᠨᠢ ᠬᠦᠮᠦᠨ ᠦ ᠠᠮᠢᠳᠤᠷᠠᠯ ᠤᠨ ᠮᠠᠰᠢ ᠲᠣᠮᠣ ᠹᠢᠯᠣᠰᠣᠹᠢ ᠶᠢ ᠭᠠᠭᠴᠠᠬᠠᠨ ᠦᠭᠦᠯᠡᠪᠦᠷᠢ ᠳᠦ ᠪᠠᠭᠲᠠᠭᠠᠨ ᠬᠡᠯᠡᠵᠦ ᠪᠠᠶᠢᠭ᠎ᠠ ᠨᠢ ᠲᠡᠷᠡ᠃ ᠮᠥᠨᠥᠬᠢ ᠯᠠᠮᠠ ᠶᠢᠨ ᠵᠣᠪᠠᠯᠠᠩ ᠡᠭᠦᠨ ᠲᠡᠢ ᠢᠵᠢᠯ᠃ ᠤᠭ ᠨᠢ ᠵᠡᠨᠡᠲᠢ ᠯᠠᠮᠠ ᠶᠢ ᠤᠷᠲᠤ ᠬᠠᠮᠠᠷ ᠲᠠᠢ ᠭᠡᠵᠦ ᠬᠡᠨ ᠴᠤ ᠱᠣᠣᠯᠠᠵᠤ᠂ ᠳᠣᠷᠣᠮᠵᠢᠯᠠᠭᠠ ᠦᠭᠡᠢ ᠶᠤᠮᠰᠠᠨ ᠃ ᠪᠤᠰᠤᠳ ᠤᠨ ᠵᠣᠪᠠᠯᠠᠩ ᠭᠤᠨᠢᠭ ᠬᠦᠮᠦᠨ ᠦ ᠰᠡᠳᠬᠢᠯ ᠢ ᠬᠥᠩᠭᠡᠷᠡᠭᠦᠯᠵᠦ ᠪᠠᠶᠢᠳᠠᠭ᠃ ᠬᠦᠮᠦᠨ ᠥᠪᠡᠷ ᠢ ᠪᠡᠨ ᠦᠷᠭᠦᠯᠵᠢ ᠪᠤᠰᠤᠳ ᠲᠠᠢ ᠬᠠᠷᠢᠴᠠᠭᠤᠯᠵᠤ ᠳᠡᠩᠰᠡᠨ ᠳᠡᠭᠡᠷ᠎ᠡ ᠲᠠᠯᠪᠢᠳᠠᠭ ᠨᠢ ᠥᠪᠡᠷ ᠲᠦ ᠨᠢ ᠵᠣᠪᠠᠯᠠᠩ ᠤᠴᠠᠷᠠᠭᠤᠯᠵᠤ ᠪᠠᠶᠢᠳᠠᠭ ᠢ ᠮᠡᠳᠡᠳᠡᠭ ᠦᠭᠡᠢ ᠠᠵᠢ᠃
ᠵᠡᠨᠡᠲᠢ ᠯᠠᠮᠠ ᠬᠠᠮᠠᠷ ᠪᠣᠭᠣᠨᠢᠰᠳᠠᠭ ᠨᠢᠭᠡᠨ ᠬᠠᠴᠢᠷᠬᠠᠯᠲᠠᠢ ᠠᠷᠭ᠎ᠠ ᠶᠢ ᠲᠤᠷᠰᠢᠵᠤ ᠦᠵᠡᠭᠰᠡᠨ ᠨᠢ ᠠᠮᠵᠢᠯᠲᠠᠲᠠᠢ ᠪᠣᠯᠵᠤ ᠰᠡᠳᠬᠢᠯ ᠨᠢ ᠠᠮᠠᠷᠠᠵᠠᠢ᠃ ᠭᠡᠲᠡᠯ᠎ᠡ ᠰᠢᠨ᠎ᠡ ᠵᠣᠪᠠᠯᠠᠩ ᠡᠬᠢᠯᠡᠬᠦ ᠨᠢ ᠲᠡᠷᠡ᠃ ᠰᠢᠨ᠎ᠡ ᠬᠠᠮᠠᠷ ᠢ ᠨᠢ ᠬᠦᠮᠦᠨ ᠪᠣᠯᠭᠠᠨ ᠬᠠᠷᠠᠭᠠᠳ ᠱᠣᠣᠯᠠᠭᠠᠳ ᠪᠠᠶᠢᠬᠤ ᠰᠢᠭ ᠰᠠᠨᠠᠭᠳᠠᠵᠠᠢ᠃ ᠣᠭᠣᠲᠣᠷ ᠪᠣᠭᠣᠨᠢ ᠬᠠᠮᠠᠷ ᠰᠦᠷ ᠰᠦᠯᠳᠡ ᠶᠢ ᠨᠢ ᠭᠤᠲᠤᠭᠠᠭᠰᠠᠨ ᠠᠴᠠ ᠵᠠᠶᠢᠯᠬᠤ ᠦᠭᠡᠢ᠃ ᠯᠠᠮᠠᠲᠠᠨ ᠰᠢᠨᠠᠯᠵᠤ ᠭᠦᠢᠴᠡᠪᠡ᠃ ᠤᠷᠲᠤ ᠤᠨᠵᠢᠭᠤ ᠬᠠᠮᠠᠷ ᠲᠠᠢ ᠪᠠᠶᠢᠭᠰᠠᠨ ᠨᠢ ᠬᠠᠮᠤᠭ ᠠᠴᠠ ᠰᠠᠶᠢᠬᠠᠨ ᠪᠠᠶᠢᠵᠠᠢ᠃
ᠬᠦᠮᠦᠨ ᠥᠪᠡᠷ ᠢ ᠪᠡᠨ ᠪᠤᠰᠤᠳ ᠠᠴᠠ ᠳᠣᠣᠷ᠎ᠠ᠂ ᠴᠢᠷᠠᠢ ᠮᠠᠭᠤ ᠲᠠᠢ᠂ ᠥᠩᠭᠡ ᠦᠵᠡᠮᠵᠢ ᠦᠭᠡᠢ ᠭᠡᠵᠦ ᠥᠪᠡᠷ ᠢ ᠪᠡᠨ ᠭᠣᠯᠣᠵᠤ ᠰᠢᠯᠢᠵᠥ ᠶᠠᠪᠤᠳᠠᠭ ᠨᠢ ᠪᠤᠰᠤᠳ ᠲᠠᠢ ᠬᠠᠷᠢᠴᠠᠭᠤᠯᠤᠭᠰᠠᠨ ᠠᠴᠠ ᠯᠠ ᠡᠭᠦᠳᠳᠡᠭ ᠲᠥᠰᠥᠭᠡᠯᠡᠯ ᠦᠨ ᠵᠣᠪᠠᠯᠠᠩ ᠠᠵᠢ᠃ ᠤᠭ ᠨᠢ ᠥᠪᠡᠷ ᠡᠴᠡ ᠨᠢ ᠳᠣᠣᠷ᠎ᠠ ᠥᠴᠢ ᠲᠥᠴᠢᠨᠡᠨ ᠪᠠᠶᠢᠳᠠᠭ ᠢ ᠰᠠᠨᠠᠭᠠᠳ ᠲᠠᠶᠢᠳᠬᠤᠷᠠᠪᠠᠯ ᠪᠣᠯᠤᠭᠠᠳ ᠶᠠᠪᠤᠴᠢᠬᠠᠬᠤ ᠨᠢ ᠲᠡᠷᠡ᠃ ᠰᠡᠳᠬᠢᠯ ᠵᠦᠢ ᠬᠠᠷᠢᠴᠠᠩᠭᠤᠢ ᠰᠢᠨᠵᠢ ᠲᠡᠢ᠃ ᠪᠤᠳ᠋ᠳ᠋ᠾᠠ ᠶᠢᠨ ᠰᠤᠷᠭᠠᠯ ᠳᠤ ᠡᠨᠡ ᠲᠤᠬᠠᠢ ᠥᠴᠢ ᠲᠥᠴᠢᠨᠡᠨ ᠬᠠᠷᠢᠴᠠᠭᠤᠯᠤᠭᠰᠠᠨ ᠵᠢᠱᠢᠶ᠎ᠡ ᠪᠤᠢ᠃
ᠬᠦᠰᠡᠭᠰᠡᠨ ᠶᠠᠭᠤᠮ᠎ᠠ ᠬᠥᠵᠦᠭᠦᠦ ᠪᠡᠷ ᠭᠡᠭᠴᠢ ᠪᠣᠯᠤᠭᠰᠠᠨ ᠴᠤ ᠯᠠᠮᠠ ᠶᠢᠨ ᠬᠠᠮᠠᠷ ᠪᠤᠷᠬᠠᠨ ᠤ ᠢᠪᠡᠭᠡᠯ ᠢᠶᠡᠷ ᠬᠠᠭᠤᠴᠢᠨ ᠬᠡᠪ ᠲᠤ ᠪᠡᠨ ᠣᠷᠣᠵᠤ ᠮᠠᠨᠢ ᠯᠠᠮᠠᠲᠠᠨ ᠮᠠᠩᠨᠠᠢ ᠨᠢ ᠲᠡᠨᠢᠢᠵᠠᠢ᠃ 《ᠥᠪᠡᠷ ᠲᠦ ᠪᠠᠶᠢᠬᠤ ᠦᠭᠡᠢ ᠵᠦᠢᠯ ᠳᠦ ᠰᠡᠳᠬᠢᠯ ᠵᠣᠪᠠᠭᠰᠠᠨ ᠠᠴᠠ᠂ ᠥᠪᠡᠷ ᠲᠦ ᠪᠠᠶᠢᠭ᠎ᠠ ᠶᠠᠭᠤᠮᠠᠨ ᠳᠤ ᠪᠠᠨ ᠰᠡᠳᠬᠢᠯ ᠬᠠᠩᠭᠠᠯᠤᠭᠤᠨ ᠪᠠᠢ》 ᠭᠡᠵᠦ ᠡᠷᠲᠡᠨ ᠦ ᠮᠡᠷᠭᠡᠳ ᠰᠤᠷᠭᠠᠭᠰᠠᠨ ᠨᠢ ᠪᠤᠢ᠃ ᠥᠪᠡᠷ ᠦᠨ ᠢᠶᠡᠨ ᠪᠠᠶᠢᠭ᠎ᠠ ᠪᠠᠶᠢᠳᠠᠯ᠂ ᠠᠵᠤ ᠲᠥᠷᠥᠯ ᠳᠦ ᠪᠡᠨ ᠰᠡᠳᠬᠢᠯ ᠬᠠᠩᠭᠠᠯᠤᠭᠤᠨ ᠪᠠᠶᠢᠪᠠᠯ ᠪᠣᠯᠬᠤ ᠨᠢ ᠲᠡᠷᠡ᠃ ᠴᠢᠨᠤ ᠠᠮᠢᠳᠤᠷᠠᠯ ᠢᠶᠠᠷ ᠪᠤᠰᠤᠳ ᠬᠦᠮᠦᠨ ᠠᠮᠢᠳᠤᠷᠠᠬᠤ ᠦᠭᠡᠢ ᠰᠢᠦ ᠳ᠋ᠡ᠃
ᠬᠥᠬᠡ ᠲᠣᠯᠪᠤᠲᠤ ᠳ᠋ ᠊ ᠲᠡᠮᠦᠷᠸᠴᠢᠷ
3
0