ᠬᠡᠳᠦᠨ ᠦᠭᠡ ᠶᠢᠨ ᠢᠷᠡᠯ ᠡᠭᠦᠰᠦᠯ
ᠾᠦᠩᠨᠤ ᠰᠤᠷᠠᠭ
7393
2018-09-01 19:14
发表于:内蒙古
ᠬᠡᠳᠦᠨ ᠵᠢᠯ ᠦᠨ ᠡᠮᠦᠨ᠎ᠡ ᠠᠯᠪᠧᠷᠲ ᠪᠠᠭᠰᠢ 《ᠰᠲᠡᠨᠹᠣᠷᠲ ᠳᠡᠭᠡᠷ᠎ᠡ ᠲᠣᠷᠭᠠᠨ ᠤ ᠵᠠᠮ ᠤᠨ ᠲᠤᠬᠠᠢ ᠵᠣᠴᠢᠨ ᠡᠷᠳᠡᠮᠲᠡᠨ ᠦ ᠯᠧᠺᠼ ᠲᠡᠢ ᠲᠤᠯᠠ ᠰᠣᠨᠢᠨ ᠪᠠᠶᠢᠵᠤ ᠮᠠᠭᠠᠳ ᠬᠦᠷᠦᠭᠡᠳ ᠢᠷ᠎ᠡ》 ᠭᠡᠯᠡ᠃ ᠠᠵᠢᠯ ᠢᠶᠠᠨ ᠲᠠᠷᠬᠠᠭᠠᠳ ᠲᠤᠰ ᠯᠧᠺᠼ ᠲᠦ ᠣᠴᠢᠵᠤ ᠰᠠᠭᠤᠪᠠ᠃ ᠯᠧᠺᠼ ᠴᠤ ᠶᠠᠭᠠᠬᠢᠬᠤ ᠪᠤᠢ ᠺᠸᠢᠽᠸᠯ ᠤᠨ ᠬᠠᠳᠠᠨ ᠤ ᠪᠤᠷᠬᠠᠨ ᠤ ᠵᠢᠷᠤᠭ ᠤᠳ ᠲᠠᠯ᠎ᠠ ᠪᠠᠷ ᠪᠣᠯᠤᠭᠠᠳ ᠥᠩᠭᠡᠷᠡᠯ᠎ᠡ᠃ ᠲᠤᠰ ᠬᠤᠷᠠᠯ ᠳᠡᠭᠡᠷ᠎ᠡ ᠯᠣᠪᠠᠰᠤᠨ ᠳᠣᠷᠵᠢᠶᠡ ᠭᠡᠳᠡᠭ ᠨᠢᠭᠡ ᠵᠠᠯᠠᠭᠤ ᠲᠠᠢ ᠲᠠᠭᠠᠷᠠᠯᠳᠤᠵᠤ ᠲᠠᠨᠢᠯᠴᠠᠪᠠ᠃ ᠥᠪᠡᠷ ᠢ ᠪᠡᠨ ᠰᠢᠷ᠎ᠠ ᠣᠶᠢᠭᠤᠷ ᠬᠦᠮᠦᠨ ᠭᠡᠵᠦ ᠪᠠᠶᠢᠨ᠎ᠠ᠃ 《ᠤᠶᠢᠭᠤᠷ ᠬᠦᠮᠦᠨ ᠶᠤᠮ ᠤᠤ︖》 ᠭᠡᠵᠦ ᠠᠰᠠᠭᠤᠲᠠᠯ᠎ᠠ 《ᠦᠭᠡᠢ ᠡ᠃ ᠣᠶᠢᠭᠤᠷ》 ᠭᠡᠪᠡ᠃ ᠲᠡᠷᠡ ᠪᠡᠷ ᠥᠪᠡᠷ ᠢ ᠪᠡᠨ ᠮᠣᠩᠭᠣᠯ ᠤᠭᠰᠠᠭᠠᠲᠠᠨ ᠭᠡᠳᠡᠭ ᠶᠤᠮ ᠪᠠᠶᠢᠨ᠎ᠠ᠃ ᠮᠣᠩᠭᠣᠯᠴᠤᠳ ᠤᠨ ᠭᠠᠯ ᠭᠣᠯᠣᠮᠲᠠ ᠠᠴᠠ ᠨᠠᠮ᠎ᠠ ᠶᠢ ᠢᠷᠡᠭᠰᠡᠨ ᠭᠡᠳ ᠶᠡᠬᠡ ᠬᠦᠨᠳᠦᠳᠬᠡᠯᠲᠡᠢ ᠬᠠᠨᠳᠤᠵᠤ᠂ ᠪᠠᠰᠠ ᠶᠡᠬᠡ ᠣᠯᠵᠠᠭᠤᠷᠬᠠᠵᠤ ᠪᠠᠶᠢᠨ᠎ᠠ᠃ ᠬᠡᠯᠡ ᠶᠢ ᠨᠢ ᠰᠣᠨᠣᠰᠬᠤ ᠪᠠᠷ ᠲᠦᠷᠦᠭ ᠬᠡᠯᠡ ᠰᠢᠭ ᠠᠶᠠᠯᠭ᠎ᠠ ᠲᠠᠢ ᠮᠥᠷᠲᠡᠭᠡᠨ ᠮᠠᠰᠢ ᠣᠯᠠᠨ ᠮᠣᠩᠭᠣᠯ ᠦᠭᠡ ᠣᠷᠣᠭᠤᠯᠵᠤ ᠶᠠᠷᠢᠬᠤ ᠶᠤᠮ᠃ ᠨᠥᠬᠥᠷ ᠦᠨ ᠠᠩᠭᠯᠢ ᠨᠢ ᠲᠠᠭᠠᠷᠠᠤ᠂ ᠮᠢᠨᠦ ᠲᠥᠪᠡᠳ ᠬᠡᠯᠡ ᠪᠣᠯ ᠪᠦᠷ ᠤᠮ ᠠ ᠬᠤᠮ᠂ ᠲᠡᠭᠡᠭᠡᠳ ᠬᠤᠷᠤᠭᠤ ᠭᠠᠷ ᠢᠶᠠᠨ ᠨᠡᠮᠡᠭᠡᠳ ᠨᠡᠯᠢᠶᠡᠳ ᠬᠠᠭᠤᠴᠢᠯᠠᠪᠠ᠃ ᠲᠡᠭᠦᠨ ᠡᠴᠡ ᠨᠡᠯᠢᠶᠡᠳ ᠣᠯᠠᠨ ᠶᠠᠭᠤᠮ᠎ᠠ ᠰᠢᠨ᠎ᠡ ᠪᠡᠷ ᠮᠡᠳᠡᠵᠦ ᠠᠪᠤᠯ᠎ᠠ᠃ ᠲᠣᠭᠲᠠᠭᠠᠭᠰᠠᠨ ᠠᠴᠠ ᠪᠠᠨ ᠡᠨᠳᠡ ᠰᠣᠨᠢᠷᠬᠠᠭᠤᠯᠵᠤ᠂ ᠵᠢᠭᠠᠬᠠᠨ ᠰᠡᠶᠢᠷᠡᠭᠦᠯᠦᠶ᠎ᠡ᠃
ᠭᠠᠨᠰᠤ ᠶᠢᠨ ᠬᠥᠨᠳᠡᠢ ᠶᠢᠨ ᠤᠷᠳᠤ ᠲᠠᠯ᠎ᠠ ᠶᠢ ᠡᠮᠵᠢᠵᠦ᠂ ᠬᠡᠳᠦᠨ ᠵᠠᠭᠤᠨ ᠺᠢᠯᠣᠮᠧᠲ᠋ᠷ ᠦᠷᠭᠦᠯᠵᠢᠯᠡᠬᠦ ᠤᠷᠲᠤ ᠠᠭᠤᠯᠠ ᠶᠢ ᠴᠢᠯᠢᠶᠠᠨ ᠤ ᠨᠢᠷᠤᠭᠤ ᠬᠡᠮᠡᠬᠦ ᠠᠭᠠᠳ ᠲᠡᠨᠳᠡ ᠰᠠᠷᠯᠤᠭ ᠮᠠᠯᠯᠠᠵᠤ ᠠᠭᠤᠯᠠᠰ ᠤᠨ ᠰᠤᠭᠤ ᠶᠢ ᠬᠡᠳᠦᠴᠢᠨ ᠠᠮᠢᠳᠤᠷᠠᠳᠠᠭ ᠨᠢᠭᠡ ᠲᠦᠮᠡ ᠬᠦᠷᠬᠦ ᠦᠭᠡᠢ ᠰᠢᠷ᠎ᠠ ᠣᠶᠢᠭᠤᠷ ᠪᠤᠢ ᠭᠡᠨ᠎ᠡ᠃ ᠥᠪᠡᠷᠰᠡᠳ ᠢ ᠪᠡᠨ ᠮᠣᠩᠭᠣᠯ ᠭᠡᠵᠦ ᠪᠣᠳᠣᠳᠠᠭ᠂ ᠳᠡᠪᠡᠯ ᠬᠤᠪᠴᠠᠰᠤ᠂ ᠵᠠᠩ ᠵᠠᠩᠰᠢᠯ ᠨᠢ ᠳᠡᠭᠡᠳᠦ ᠮᠣᠩᠭᠣᠯ ᠠᠴᠠ ᠢᠯᠭᠠᠬᠤ ᠶᠠᠭᠤᠮ᠎ᠠ ᠦᠭᠡᠢ ᠪᠠᠶᠢᠳᠠᠭ ᠭᠡᠨ᠎ᠡ᠃ ᠶᠠᠭᠠᠬᠢᠵᠤ ᠶᠠᠪᠤᠭᠠᠳ ᠲᠡᠨᠳᠡ ᠨᠡᠭᠦᠳᠡᠯᠯᠡᠵᠦ ᠣᠴᠢᠭᠰᠠᠨ ᠪᠣᠯᠬᠤ ᠶᠢ ᠰᠣᠨᠢᠭᠤᠴᠢᠯᠠᠵᠤ ᠠᠰᠠᠭᠤᠪᠠ᠃ ᠪᠦᠷ ᠡᠷᠲᠡ ᠡᠴᠡ ᠪᠡᠨ ᠯᠠ ᠰᠢᠷ᠎ᠠ ᠣᠶᠢᠭᠤᠷ ᠤᠳ ᠲᠡᠨᠳᠡ ᠪᠠᠶᠢᠭᠰᠠᠨ ᠭᠡᠬᠦ ᠶᠤᠮ᠃ ᠴᠢᠯᠢᠶᠠᠨ ᠨᠢ ᠾᠢᠦᠩᠨᠦ ᠶᠢᠨ ᠬᠡᠯᠡᠨ ᠡᠴᠡ ᠦᠯᠡᠳᠡᠭᠰᠡᠨ᠂ 《ᠲᠩᠷᠢ》 ᠭᠡᠰᠡᠨ ᠤᠳᠬ᠎ᠠ ᠲᠠᠢ ᠴᠣᠷ ᠤᠨ ᠭᠠᠭᠴᠠ ᠦᠭᠡ ᠭᠡᠵᠦ ᠡᠮᠦᠨ᠎ᠡ ᠳᠤᠭᠤᠯᠤᠭᠰᠠᠨ ᠪᠣᠯᠬᠣᠷ ᠡᠨᠡ ᠦᠭᠡ ᠶᠠᠭ ᠶᠠᠮᠠᠷ ᠤᠳᠬ᠎ᠠ ᠲᠠᠢ ᠪᠣᠯᠬᠤ ᠶᠢ ᠠᠰᠠᠭᠤᠪᠠ᠃ ᠮᠣᠩᠭᠣᠯ ᠬᠡᠯᠡ ᠪᠡᠷ ᠴᠢᠯᠢᠢᠨᠡ (ᠴᠡᠯᠡᠶᠢᠨᠡ) ᠭᠡᠰᠡᠨ ᠤᠳᠬ᠎ᠠ ᠲᠠᠢ᠂ ᠬᠢᠲᠠᠳ ᠬᠡᠯᠡᠨ ᠳᠦ ᠳᠠᠭᠤᠳᠠᠯᠭ᠎ᠠ ᠥᠭᠡᠷᠡᠴᠢᠯᠡᠭᠳᠡᠵᠦ᠂ ᠴᠢᠯᠢᠶᠠᠨ ᠪᠣᠯᠤᠭᠰᠠᠨ ᠭᠡᠨ᠎ᠡ (ᠬᠣᠵᠢᠮ ᠡᠭᠦᠨ ᠢ ᠶᠠᠫᠣᠨ ᠤ ᠲᠡᠭᠦᠰ ᠡᠷᠳᠡᠮᠲᠡᠨ ᠮᠥᠨ ᠬᠡᠯᠡᠭᠰᠡᠨ)᠃ ᠴᠡᠯᠮᠡᠭ ᠲᠩᠷᠢ ᠭᠡᠳᠡᠭ ᠡᠴᠡ ᠨᠢᠭᠡ ᠭᠠᠷᠤᠯ ᠲᠠᠢ ᠦᠭᠡ ᠪᠠᠶᠢᠬᠤ ᠨᠢ ᠡ᠃ ᠲᠡᠭᠡᠬᠦ ᠪᠡᠷ ᠲᠩᠷᠢ ᠨᠢ ᠴᠡᠯᠭᠡᠷ ᠭᠡᠰᠡᠨ ᠤᠳᠬ᠎ᠠ ᠲᠠᠢ ᠾᠢᠦᠩᠨᠦ᠂ ᠪᠦᠷ ᠮᠣᠩᠭᠣᠯ ᠦᠭᠡ ᠪᠠᠶᠢᠬᠤ ᠨᠢ ᠡ᠃ ᠾᠢᠦᠩᠨᠦ ᠨᠠᠷ ᠮᠣᠩᠭᠣᠯ ᠬᠡᠯᠡᠲᠡᠨ ᠪᠠᠶᠢᠭᠰᠠᠨ ᠤ ᠨᠢᠭᠡᠨ ᠪᠠᠲᠤᠯᠠᠭ᠎ᠠ ᠮᠡᠲᠦ᠃ ᠡᠨᠡ ᠶᠠᠷᠢᠶᠠᠨ ᠳᠤ ᠪᠠᠨ ᠤᠯᠠᠮ ᠬᠣᠷᠣᠬᠠᠶᠢᠰᠠᠭᠠᠳ ᠥᠭᠡᠷ᠎ᠡ ᠮᠣᠩᠭᠣᠯ ᠤᠳᠬ᠎ᠠ ᠲᠠᠢ ᠶᠠᠮᠠᠷ ᠠᠭᠤᠯᠠ ᠤᠰᠤ ᠪᠠᠶᠢᠨ᠎ᠠ︖ ᠭᠡᠵᠦ ᠠᠰᠠᠭᠤᠯ᠎ᠠ᠃
ᠪᠠᠷᠠᠭᠤᠨ ᠳᠤ ᠪᠠᠨ ᠵᠠᠯᠭᠠᠭᠠᠳ ᠦᠷᠭᠦᠯᠵᠢᠯᠡᠳᠡᠭ ᠺᠦᠨᠯᠦᠨ ᠦ ᠨᠢᠷᠤᠭᠤ ᠨᠢ ᠮᠣᠩᠭᠣᠯ ᠢᠶᠠᠷ ᠬᠥᠨᠳᠡᠯᠡᠨ ᠭᠡᠰᠡᠨ ᠦᠭᠡ ᠶᠢᠨ ᠬᠢᠲᠠᠳ ᠬᠠᠵᠠᠭᠠᠢ ᠳᠠᠭᠤᠳᠠᠯᠭ᠎ᠠ ᠭᠡᠨ᠎ᠡ᠃ ᠲᠡᠷᠡ ᠬᠥᠨᠳᠡᠯᠡᠨ ᠦ ᠨᠢᠷᠤᠭᠤᠨ ᠠᠴᠠ ᠬᠣᠶᠢᠰᠢ ᠡᠯᠡᠰᠦᠨ ᠶᠡᠬᠡ ᠭᠣᠪᠢ ᠶᠢ ᠲᠤᠭᠤᠯᠤᠨ ᠤᠷᠤᠰᠴᠤ᠂ ᠲᠠᠷᠢᠮ ᠤᠨ ᠭᠣᠣᠯ ᠲᠠᠢ ᠨᠡᠶᠢᠯᠡᠳᠡᠭ ᠭᠣᠣᠯ ᠢ ᠬᠣᠲᠤᠩ ᠭᠣᠣᠯ ᠭᠡᠳᠡᠭ ᠠᠵᠡᠢ᠃ ᠬᠣᠲᠣᠩ ᠦᠨᠳᠦᠰᠦᠲᠡᠨ ᠲᠡᠨᠳᠡ ᠠᠮᠢᠳᠤᠷᠠᠳᠠᠭ ᠲᠤᠯᠠ ᠭᠣᠣᠯ ᠢ ᠲᠡᠭᠡᠵᠦ ᠨᠡᠷᠡᠯᠡᠭᠰᠡᠨ ᠭᠡᠨ᠎ᠡ᠃ ᠬᠣᠲᠠ ᠰᠠᠭᠤᠷᠢᠨ ᠪᠣᠯᠵᠤ ᠠᠮᠢᠳᠤᠷᠠᠳᠠᠭ ᠲᠤᠯᠠ ᠬᠣᠲᠣᠩ ᠭᠡᠵᠦ ᠨᠡᠷᠡᠯᠡᠭᠰᠡᠨ ᠬᠡᠮᠡᠨ ᠨᠡᠮᠡᠵᠦ ᠬᠡᠯᠡᠪᠡ᠃ ᠡᠨᠡ ᠦᠭᠡ ᠦᠨᠡᠬᠡᠷ ᠰᠣᠨᠢᠨ ᠰᠠᠨᠠᠭᠳᠠᠪᠠ᠃ ᠶᠡᠬᠡ ᠮᠣᠩᠭᠣᠯ ᠤᠯᠤᠰ ᠤᠨ ᠦᠶ᠎ᠡ ᠳᠦ 《ᠬᠣᠲᠤᠩ》 ᠬᠡᠮᠡᠨ ᠨᠡᠷᠡᠯᠡᠵᠦ ᠪᠠᠶᠢᠭᠰᠠᠨ ᠭᠠᠵᠠᠷ ᠣᠳᠣ ᠮᠥᠨ ᠪᠡᠭᠡᠵᠢᠩ ᠳᠦ ᠬᠡᠪ ᠢᠶᠡᠷ ᠢᠶᠡᠨ ᠪᠠᠶᠢᠨ᠎ᠠ᠃ ᠬᠣᠲᠤᠩ ᠤᠨ ᠬᠤᠳᠳᠤᠭ ᠨᠢ ᠦᠯᠡᠳᠡᠭᠰᠡᠨ ᠲᠤᠯᠠ ᠬᠤᠳᠳᠤᠭ ᠢ 《ᠬᠣᠲᠤᠩ》 ᠭᠡᠵᠦ ᠣᠳᠣ ᠶᠢᠨ ᠬᠢᠲᠠᠳ ᠤᠳ ᠲᠠᠶᠢᠯᠪᠤᠷᠢᠯᠠᠭᠠᠳ ᠪᠤᠢ ᠬᠡᠷᠡᠭ᠃ ᠬᠣᠲᠣᠩ ᠭᠣᠣᠯ ᠤᠷᠤᠰᠴᠤ ᠲᠤᠭᠤᠯᠳᠠᠭ ᠲᠡᠷᠡ ᠶᠡᠬᠡ ᠡᠯᠡᠰᠦᠨ ᠴᠥᠯ ᠢ ᠲᠠᠬᠤᠯ ᠤᠨ ᠮᠠᠩᠬᠠᠨ (ᠲᠠᠺᠯᠠ ᠮᠠᠺᠠᠨ) ᠭᠡᠳᠡᠭ ᠠᠵᠡᠢ᠃ ᠬᠦᠮᠦᠨ ᠲᠤᠭᠤᠯᠳᠠᠭ ᠦᠭᠡᠢ᠂ ᠦᠬᠦᠯ ᠦᠨ ᠮᠠᠩᠬᠠᠨ ᠡᠯᠡᠰᠦ ᠭᠡᠰᠡᠨ ᠤᠳᠬ᠎ᠠ ᠲᠠᠢ ᠭᠡᠨ᠎ᠡ᠃ ᠮᠥᠨ ᠴᠤ ᠶᠡᠬᠡ ᠰᠣᠨᠢᠨ ᠰᠠᠶᠢᠬᠠᠨ ᠶᠠᠭᠤᠮ᠎ᠠ ᠳᠤᠭᠤᠯᠪᠠ᠃
ᠮᠠᠨ ᠤ ᠾᠢᠦᠩᠨᠦ ᠰᠤᠳᠤᠯᠤᠭᠠᠴᠢᠳ ᠲᠡᠷᠡ ᠰᠢᠷ᠎ᠠ ᠣᠶᠢᠭᠤᠷ ᠤᠨ ᠳᠤᠮᠳᠠ ᠣᠷᠣᠵᠤ ᠰᠤᠳᠤᠯᠭ᠎ᠠ ᠬᠢᠪᠡᠯ ᠨᠡᠯᠢᠶᠡᠳ ᠣᠯᠠᠨ ᠶᠠᠭᠤᠮ᠎ᠠ ᠣᠯᠵᠤ ᠮᠡᠳᠡᠮᠡᠷ᠂ ᠶᠡᠬᠡ ᠶᠠᠭᠤᠮᠠᠨ ᠤ ᠲᠠᠶᠢᠯᠤᠯ ᠪᠣᠯᠤᠮᠠᠷ ᠰᠠᠨᠠᠭᠳᠠᠵᠤ ᠪᠢᠯᠡ᠃ ᠴᠢᠯᠢᠶᠠᠨ ᠤ ᠨᠢᠷᠤᠭᠤ ᠾᠢᠦᠩᠨᠦ ᠨᠠᠷ ᠤᠨ ᠡᠪᠦᠯᠵᠢᠳᠡᠭ ᠪᠠᠶᠢᠭᠰᠠᠨ ᠬᠠᠮᠤᠭ ᠤᠨ ᠤᠷᠳᠤ ᠲᠠᠯ᠎ᠠ ᠶᠢᠨ ᠤᠤᠭᠤᠯ ᠨᠤᠲᠤᠭ ᠪᠣᠯᠤᠯᠲᠠᠢ᠃ ᠬᠠᠨ ᠤᠯᠤᠰ ᠤᠨ ᠨᠢᠭᠡᠨ ᠢᠷᠠᠭᠤ ᠨᠠᠶᠢᠷᠠᠭᠴᠢ 《ᠾᠢᠦᠩᠨᠦ ᠶᠢᠨ ᠴᠡᠷᠢᠭ ᠦᠨ ᠴᠤᠪᠤᠭ᠎ᠠ ᠴᠢᠯᠢᠶᠠᠨ ᠤ ᠨᠢᠷᠤᠭᠤᠨ ᠤ ᠬᠠᠨᠳᠠᠭᠠᠶᠢᠲᠤ ᠶᠢᠨ ᠳᠠᠪᠠᠭ᠎ᠠ ᠪᠠᠷ ᠳᠠᠪᠠᠬᠤ ᠳᠤ ᠵᠢᠳᠠ ᠨᠢ ᠨᠠᠷᠠᠨ ᠳᠤ ᠭᠢᠯᠪᠠᠭᠠᠳ ᠠᠶᠢᠳᠠᠰ ᠬᠦᠷᠦᠮ᠎ᠡ ᠨᠡᠩ ᠰᠦᠷᠲᠡᠢ》 ᠭᠡᠰᠡᠨ ᠤᠳᠬ᠎ᠠ ᠲᠠᠢ ᠰᠢᠯᠦᠭ ᠪᠢᠴᠢᠭᠰᠡᠨ ᠪᠠᠶᠢᠳᠠᠭ᠃
ᠱ ∙ ᠪᠠᠭᠠᠲᠤᠷ 2018.8.23 ᠰᠠᠨ ᠹᠷᠠᠨᠼᠰᠺᠤ
3
0