ᠨᠠᠢᠵᠠ ᠶᠢᠨ ᠳᠤᠭᠤᠷᠢᠭ ᠢᠶᠠᠷ
ᠨᠠᠢᠵᠠ ᠶᠢᠨ ᠳᠤᠭᠤᠷᠢᠭ ᠢᠶᠠᠷ
5964
2018-04-18 07:50
发表于:内蒙古
ᠨᠠᠢᠵᠠ ᠶᠢᠨ ᠳᠤᠭᠤᠷᠢᠭ ᠢᠶᠠᠷ
ᠯᠢᠤ ᠵᠢᠨ
ᠬᠡᠰᠤᠭᠦᠯ ᠵᠠᠩ ᠳᠠᠢ ᠪᠢ ᠪᠠᠷ
ᠬᠡᠵᠢᠶᠡᠳᠡ ᠳᠤᠭᠤᠷᠢᠭᠠᠳ ᠶᠠᠪᠤᠳᠠᠭ
ᠬᠡᠵᠢᠶ᠎ᠡ ᠶᠠᠵᠢᠶᠠᠨ ᠤ ᠠᠨᠳᠠ ᠭᠡᠳᠡᠯ᠎ᠡ
ᠬᠡᠵᠢᠶᠡᠳᠡ ᠠᠭᠤᠯᠵᠭᠠ ᠦᠭᠡᠢ ᠬᠤᠯᠪᠤᠭᠠᠨ ᠨᠠᠢᠵᠠ
ᠠᠢᠯ ᠠᠢᠮᠠᠭ ᠤᠨ ᠠᠬ᠎ᠠ ᠳᠡᠭᠦᠤ
ᠠᠯᠤᠰ ᠭᠦᠷᠦᠨ ᠦ ᠳᠠᠨᠢᠯ
ᠤᠷᠤᠭ ᠳᠦᠷᠦᠯ ᠦᠨ ᠤᠢᠷ᠎ᠠ ᠭᠡᠳᠡᠯ᠎ᠡ
ᠤᠷᠴᠢᠮ ᠳᠠᠨᠢᠯᠴᠠᠭᠰᠠᠨ ᠡᠭᠡᠴᠢ ᠳᠡᠭᠦᠤ
ᠤᠨᠴᠤᠭᠤᠢ ᠬᠠᠯᠭᠤᠮᠰᠤᠭ ᠪᠦᠰᠡᠬᠦᠢ
ᠤᠴᠢᠭᠠᠳ ᠬᠠᠨᠢᠯᠠᠴᠢᠮᠡᠷ ᠠᠮᠠᠷᠠᠭ
ᠠᠯᠢ ᠶᠢ ᠨᠢ ᠴᠤ ᠪᠤᠯᠤᠭ ᠦᠯᠡᠳᠡᠭᠡᠯ ᠦᠭᠡᠢ
ᠠᠨᠳᠠ ᠶᠢᠨ ᠳᠤᠭᠤᠷᠢᠭ ᠢᠶᠠᠷ ᠨᠢ ᠬᠡᠰᠦᠳᠡᠭ
ᠨᠠᠢᠷ ᠤᠨ ᠰᠢᠷᠡᠭᠡᠨ ᠳᠦ ᠳᠠᠯᠪᠢᠭᠰᠠᠨ
ᠨᠠᠢᠮᠠ ᠨᠠᠢᠮᠠᠨ ᠨᠤᠭᠤᠭ᠎ᠠ ᠨᠤᠭᠤᠳᠨ
ᠨᠠᠢᠷᠠᠳᠠᠢ ᠬᠠᠢᠷᠠᠳᠠᠢ ᠪᠠᠨ ᠢᠯᠡᠳᠭᠡᠭᠰᠡᠨ
ᠨᠠᠢᠷᠠᠯᠠᠵᠤ ᠳᠠᠳᠠᠭᠤᠯᠤᠭᠰᠠᠨ ᠵᠢᠷᠤᠭ ᠤᠳ
ᠠᠷᠢᠬᠢᠨ ᠰᠢᠷᠡᠭᠡᠨ ᠳᠦ ᠵᠠᠰᠠᠭᠰᠠᠨ
ᠠᠷᠠᠵᠠ ᠬᠤᠷᠠᠵᠠ ᠤᠮᠳᠠᠭᠠᠨ ᠤᠳ
ᠠᠬᠠᠮᠠᠳ ᠳᠤᠮᠤᠭᠠᠳᠠᠨ ᠳᠠᠭᠠᠨ ᠪᠠᠷᠢᠭᠰᠠᠨ
ᠠᠯᠳᠠᠨ ᠬᠤᠨᠳᠠᠭ᠎ᠠ ᠳᠠᠢ ᠰᠠᠷᠬᠤᠳ ᠤᠳ
ᠠᠮᠠᠷᠠᠭ ᠬᠠᠨᠢ ᠳᠠᠢ ᠪᠠᠨ ᠪᠠᠶᠠᠰᠤᠯᠴᠠᠭᠰᠠᠨ
ᠠᠵᠠ ᠵᠢᠷᠭᠠᠯ ᠤᠨ ᠰᠡᠭᠦᠳᠡᠷ ᠦᠳ
ᠠᠢᠮᠠᠭ ᠳᠦᠷᠦᠯ ᠪᠦᠭᠦᠳᠡᠭᠡᠷ
ᠠᠭᠤᠯᠵᠠᠭᠠᠳ ᠴᠠᠭᠠᠯᠠᠭᠰᠠᠨ ᠵᠢᠷᠤᠭ ᠤᠳ
ᠠᠯᠤᠰ ᠤᠨ ᠦᠵᠡᠮᠵᠢᠳᠤ ᠤᠷᠤᠨ ᠢᠶᠠᠷ
ᠠᠶᠠᠯᠠᠨ ᠵᠤᠭᠠᠴᠠᠭᠰᠠᠨ ᠳᠤᠷᠠᠰᠬᠠᠯ ᠤᠳ
ᠮᠠᠢᠮᠠᠢ ᠬᠤᠨᠵᠢᠪᠤᠷᠢ ᠶᠢᠨ ᠬᠠᠮᠢᠶᠠᠳᠠᠢ
ᠮᠡᠳᠡᠭᠡᠯᠡᠯ ᠰᠤᠷᠠᠭ ᠤᠨ ᠵᠠᠷ ᠤᠳ
ᠠᠯᠢ ᠨᠢ ᠴᠤ ᠦᠯᠡᠳᠡᠬᠦ ᠦᠭᠡᠢ ᠦᠵᠡᠳᠡᠭ
ᠠᠩᠵᠢᠶᠠᠷᠠᠬᠤ ᠳᠡᠳᠤᠢ ᠰᠢᠷᠪᠢᠳᠡᠭ ᠡ
ᠠᠶᠠᠭ᠎ᠠ ᠳᠠᠢ ᠴᠠᠢ ᠠᠯᠳᠠᠨ ᠰᠠᠷᠭᠠᠢ ᠶᠢ
ᠠᠯᠢᠨ ᠳᠤ ᠨᠢ ᠴᠤ ᠪᠦᠷ ᠬᠦᠷᠭᠡᠮᠡᠷ ᠯᠠ
ᠠᠷᠠᠢ ᠳᠡᠭᠡᠪᠡᠴᠤ ᠰᠡᠳᠬᠡᠯ ᠳᠦ
ᠠᠰᠳᠠᠭᠠᠨ ᠨᠢᠭᠡᠨ ᠳᠦᠷᠦᠭᠳᠡᠭᠡᠳ ᠯᠠ
ᠨᠠᠢᠷᠠᠭ ᠤᠨ ᠨᠠᠢᠵᠠ ᠶᠢᠨ ᠳᠤᠭᠤᠷᠢᠭ ᠢᠶᠠᠷ
ᠨᠠᠢᠮᠠᠢ ᠶᠢ ᠵᠤᠳᠤᠭᠠᠳ ᠤᠷᠤᠬᠤ ᠳᠤ ᠴᠢᠨᠢ
ᠨᠠᠢᠷ ᠤᠨ ᠰᠢᠷᠡᠭᠡ ᠨᠢ ᠨᠠᠷᠠ ᠭᠢᠯᠪᠢᠭᠠᠳ
ᠨᠠᠢᠮᠠᠨ ᠨᠤᠭᠤᠭ᠎ᠠ ᠨᠢ ᠠᠭᠤᠷ ᠰᠠᠪᠰᠠᠭᠠᠳ
ᠨᠢᠩᠵᠢᠨ ᠰᠡᠳᠬᠡᠯ ᠨᠢ ᠤᠤᠯᠭ᠎ᠠ ᠠᠯᠳᠠᠭᠠᠳ
ᠰᠢᠨ᠎ᠡ ᠪᠢᠴᠢᠭᠰᠡᠨ ᠪᠦᠳᠡᠭᠡᠯ ᠦᠳ ᠭᠡᠳᠡᠭ
ᠰᠢᠷᠡᠭᠡᠨ ᠳᠦ ᠪᠡᠨ ᠵᠠᠯᠠᠭᠰᠠᠨ ᠤᠷᠢᠯᠭ᠎ᠠ ᠯᠠ
ᠰᠢᠯᠢᠳᠡᠭ ᠰᠠᠢᠬᠠᠨ ᠰᠢᠯᠦᠭ ᠦᠳ ᠭᠡᠳᠡᠭ
ᠰᠠᠷ᠎ᠠ ᠳᠦᠭᠦᠷᠡᠭᠡ ᠬᠤᠬᠡᠳ ᠯᠠ
ᠨᠠᠢᠷ ᠲᠤ ᠤᠴᠢᠭᠰᠠᠨ ᠪᠢ ᠴᠢᠨᠢ
ᠨᠢᠭᠡᠮᠤᠰᠤᠨ ᠪᠠᠶᠠᠷᠯᠠᠭᠠᠳ ᠯᠠ
ᠨᠠᠷᠠᠳᠠᠢ ᠬᠠᠢᠷᠠᠳᠠᠢ ᠨᠢᠭᠡᠨ ᠳᠠᠢ
ᠨᠢᠭᠤᠴᠠ ᠪᠠᠷ ᠠᠭᠤᠯᠵᠠᠭᠰᠠᠨ ᠰᠢᠤ ᠳᠤᠭᠳᠤᠯᠤᠨ
ᠨᠢᠭᠡᠳ ᠨᠢᠭᠡ ᠪᠡᠷ ᠳᠠᠷᠠᠭᠠᠯᠠᠨ ᠦᠵᠡᠬᠦ ᠳᠦ
ᠨᠡᠢᠭᠡᠮ ᠴᠠᠭ ᠤᠨ ᠪᠠᠢᠳᠠᠯ ᠢᠶᠠᠷ
ᠨᠡᠢᠳᠭᠡᠵᠤ ᠨᠠᠢᠷᠠᠭᠤᠯᠤᠭᠰᠠᠨ ᠰᠢᠯᠦᠭ ᠦᠳ
ᠬᠠᠢᠷ᠎ᠠ ᠰᠡᠳᠬᠡᠯ ᠦᠨ ᠠᠭᠤᠯᠭ᠎ᠠ ᠪᠠᠷ
ᠬᠠᠷᠢᠴᠠᠭᠤᠯᠵᠤ ᠪᠢᠴᠢᠭᠰᠡᠠ ᠨᠠᠢᠷᠠᠭᠤᠯᠤᠯ ᠤᠳ
ᠪᠠᠢᠭᠠᠯᠢ ᠤᠷᠴᠢᠨ ᠢᠶᠠᠨ ᠬᠠᠢᠷᠠᠯᠠᠭᠠᠳ
ᠪᠠᠳᠠᠭᠯᠠᠵᠤ ᠰᠢᠯᠦᠭᠯᠡᠭᠰᠡᠨ ᠬᠤᠯᠪᠤᠭ᠎ᠠ ᠨᠤᠭᠤᠳ
ᠦᠩᠭᠡᠷᠡᠭᠰᠡᠨ ᠦ ᠦᠪ ᠰᠤᠶᠤᠯ ᠢᠶᠠᠨ
ᠦᠮᠦᠭᠯᠡᠵᠤ ᠬᠠᠮᠭᠠᠯᠠᠭᠰᠠᠨ ᠦᠭᠦᠯᠡᠯᠭᠡ ᠨᠤᠭᠦᠳ
ᠡᠪᠦᠭᠡᠳ ᠪᠤᠭᠤᠷᠤᠯ ᠢᠶᠠᠨ ᠬᠦᠨᠳᠦᠳᠭᠡᠭᠰᠡᠨ
ᠡᠯᠢᠭᠡᠨ ᠬᠠᠢᠷ᠎ᠠ ᠶᠢᠨ ᠮᠦᠷᠭᠦᠯ ᠦᠳ
ᠦᠰᠪᠤᠷᠢ ᠶᠢᠨ ᠬᠤᠬᠡᠳ ᠢᠶᠠᠨ ᠦᠬᠦᠭᠡᠷᠳᠠᠭᠰᠡᠨ
ᠦᠨᠡᠨ ᠰᠡᠳᠬᠡᠯ ᠦᠨ ᠢᠷᠦᠭᠡᠯ ᠦᠳ
ᠠᠩᠬᠠᠨ ᠤ ᠬᠠᠢᠷ᠎ᠠ ᠶᠢᠨ ᠰᠡᠳᠬᠡᠯ ᠢᠶᠡᠨ
ᠠᠮᠠᠯᠠᠵᠤ ᠬᠡᠯᠡᠭᠰᠡᠨ ᠵᠠᠬᠢᠳᠠᠯ ᠤᠳ
ᠪᠤᠯᠪᠠᠰᠤᠨ ᠰᠠᠢᠬᠠᠨ ᠮᠤᠩᠭᠤᠯ ᠰᠤᠶᠤᠯ ᠢᠶᠠᠨ
ᠪᠤᠯᠳᠤ ᠪᠠᠷ ᠨᠢ ᠢᠯᠡᠳᠭᠡᠭᠡᠳ ᠬᠠᠷᠠᠭᠤᠯᠤᠨ᠎ᠠ
ᠦᠨᠳᠦᠰᠦᠳᠠᠨ ᠤ ᠦᠪ ᠵᠠᠩᠰᠢᠯ ᠢᠶᠠᠨ
ᠦᠷᠭᠦᠯᠵᠢᠯᠡᠭᠦᠯᠦᠨ ᠪᠠᠳᠠᠷᠠᠭᠤᠯᠵᠦ ᠬᠦᠭᠵᠢᠭᠦᠯᠦᠨ᠎ᠡ
ᠦᠵᠡᠨ ᠦᠵᠡᠨ ᠪᠠᠶᠠᠷᠯᠠᠵᠤ ᠪᠠᠢᠨ᠎ᠠ
ᠦᠨᠡᠨ ᠰᠡᠳᠬᠡᠯ ᠮᠢᠨᠢ ᠳᠤᠭᠳᠤᠯᠠᠵᠤ ᠪᠠᠢᠨ᠎ᠠ
ᠦᠢᠳᠠᠩ ᠯᠢᠩᠬᠤᠸ᠎ᠠ ᠴᠡᠴᠡᠭ ᠢ
ᠦᠩᠭᠡ ᠳᠠᠢ ᠰᠠᠢᠬᠠᠨ ᠢ ᠨᠢ ᠬᠦᠷᠭᠡᠶ᠎ᠡ
ᠬᠠᠯᠠᠰᠤᠭᠠᠳ ᠪᠢ ᠬᠦᠨᠳᠦᠷᠡᠵᠤ ᠪᠠᠢᠨ᠎ᠠ
ᠬᠤᠨᠳᠠᠭ᠎ᠠ ᠳᠠᠢ ᠠᠷᠠᠵᠠᠨ ᠳᠤ ᠰᠤᠭᠳᠤᠵᠤ ᠪᠠᠢᠨ᠎ᠠ
ᠬᠠᠯᠠᠭᠤᠨ ᠵᠢᠷᠦᠬᠡ ᠮᠡᠳᠤ ᠤᠯᠠᠭᠠᠠ ᠳᠤᠭᠤᠷ ᠢ
ᠬᠠᠢᠷᠠᠳᠠᠢ ᠳᠠᠨᠠᠷ ᠲᠤ ᠪᠠᠨ ᠪᠡᠯᠡᠭᠯᠡᠵᠡ᠂᠂
2018᠂ 4᠂ 11᠂᠂
13
2