ᠠᠷᠤ ᠬᠦᠨᠳᠡᠯᠡᠨ ᠦ ᠬᠤᠪᠴᠠᠰᠤᠨ ᠦᠵᠡᠭᠦᠯᠭᠡ ᠳᠦ
ᠠᠷᠤ ᠬᠦᠨᠳᠡᠯᠡᠨ ᠦ ᠬᠤᠪᠴᠠᠰᠤᠨ ᠦᠵᠡᠭᠦᠯᠭᠡ ᠳᠦ
5207
2018-03-01 12:58
发表于:内蒙古
ᠠᠷᠤ ᠬᠦᠨᠳᠡᠯᠡᠨ ᠦ ᠬᠤᠪᠴᠠᠰᠤᠨ ᠦᠵᠡᠭᠦᠯᠭᠡ ᠳᠦ
ᠦᠪᠡᠷᠮᠢᠴᠡ ᠰᠤᠶᠤᠯ ᠢᠶᠠᠨ ᠬᠠᠮᠭᠠᠯᠠᠵᠤ ᠪᠠᠢᠭ᠎ᠠ
ᠠᠷᠤ ᠬᠦᠨᠳᠡᠯᠡᠨ ᠦ ᠳᠠᠷᠤᠭ᠎ᠠ ᠨᠠᠷ
ᠦᠵᠡᠭᠰᠡᠨ ᠰᠤᠨᠤᠰᠤᠭᠰᠠᠨ ᠠᠮᠢᠳᠠᠨ ᠪᠤᠯᠭᠠᠨ
ᠤᠳᠤᠷᠢᠳᠤᠯᠭ᠎ᠠ ᠶᠢ ᠴᠢᠨᠢ ᠪᠢᠰᠢᠷᠡᠵᠤ ᠪᠠᠢᠨ᠎ᠠ
ᠠᠭᠤᠷᠬᠠᠢ ᠶᠢᠨ ᠪᠤᠬᠢᠷᠳᠠᠯ ᠢ ᠵᠢᠭᠰᠢᠵᠦ ᠪᠠᠢᠭ᠎ᠠ
ᠠᠷᠤ ᠬᠦᠨᠳᠡᠯᠡᠨ ᠦ ᠠᠷᠠᠳ ᠳᠦᠮᠡᠨ
ᠠᠭᠤᠯᠵᠠᠭᠰᠠᠨ ᠤᠴᠠᠷᠠᠭᠰᠠᠨ ᠮᠤᠩᠭᠤᠯᠴᠤᠳ ᠪᠦᠬᠦᠨ
ᠠᠯᠳᠠᠷ ᠢ ᠴᠢᠨᠢ ᠳᠠᠭᠤᠷᠢᠰᠬᠠᠵᠤ ᠪᠠᠢᠨ᠎ᠠ
ᠰᠢᠯᠢᠳᠡᠭ ᠰᠤᠶᠤᠯ ᠢᠶᠠᠨ ᠬᠦᠭᠵᠢᠭᠦᠯᠵᠤ ᠪᠠᠢᠭ᠎ᠠ
ᠠᠷᠤ ᠬᠦᠨᠳᠡᠯᠡᠨ ᠦ ᠪᠡᠷᠢᠶᠡᠳ ᠦᠳ
ᠰᠢᠷ᠎ᠡ ᠳᠠᠯ᠎ᠠ ᠶᠢᠨ ᠴᠡᠴᠡᠭ ᠦᠳ ᠴᠢᠨᠢ
ᠳᠠᠨ ᠤ ᠠᠯᠬᠤᠭᠠᠨ ᠠᠴᠠ ᠳᠡᠯᠭᠡᠷᠡᠵᠤ ᠪᠠᠢᠨ᠎ᠠ
ᠨᠤᠭᠤᠭᠠᠨ ᠳᠠᠯ᠎ᠠ ᠳᠠᠭᠠᠨ ᠦᠩᠭᠡ ᠠᠭᠤᠰᠠᠮᠠ
ᠨᠤᠯᠮᠤᠨ ᠳᠡᠪᠡᠯ ᠳᠠᠢ ᠪᠦᠰᠡᠬᠦᠢᠴᠤᠳ
ᠨᠡᠭᠡᠭ ᠦᠨ ᠠᠷᠤ ᠶᠢᠨ ᠨᠠᠷᠠᠰᠤ ᠮᠡᠳᠤ
ᠨᠢᠭᠡ ᠯᠠ ᠵᠢᠭᠳᠡ ᠠᠯᠬᠤᠯᠠᠵᠤ ᠪᠠᠢᠨ᠎ᠠ
ᠬᠠᠨᠠᠭᠠᠷ ᠭᠠᠩᠭᠠᠯᠢᠭ ᠨᠢᠷᠤᠭᠤ ᠭᠡᠵᠢ
ᠬᠠᠨ ᠠᠭᠤᠯᠠ ᠠᠭᠤᠯᠠ ᠶᠢᠨ ᠤᠯᠢᠶᠠᠰᠤ ᠯᠠ
ᠤᠯᠢᠶᠠᠷᠬᠠᠭ ᠬᠠᠷᠠᠬᠠᠨ ᠮᠡᠯᠡᠮᠡᠢ ᠭᠡᠭᠴᠢ
ᠤᠷᠪᠤᠭ ᠤᠨ ᠪᠤᠯᠠᠭ ᠤᠨ ᠴᠡᠭᠡᠯ ᠯᠡ
ᠤᠯᠠᠭᠠᠨ ᠳᠤᠷᠭᠤᠨ ᠠᠯᠴᠢᠭᠤᠷ ᠲᠤ ᠨᠢ
ᠤᠷᠭᠤᠮᠠᠯ ᠴᠡᠴᠡᠭ ᠴᠤ ᠮᠦᠰᠢᠶᠡᠷᠬᠡᠵᠤ ᠪᠠᠢᠨ᠎ᠠ
ᠨᠤᠭᠤᠭᠠᠨ ᠫᠠᠩᠰᠠᠨ ᠪᠦᠰᠡᠨ ᠳᠦ ᠨᠢ
ᠨᠤᠮᠤᠨ ᠰᠤᠯᠤᠩᠭ᠎ᠠ ᠴᠤ ᠠᠳᠠᠭᠠᠷᠬᠠᠵᠤ ᠪᠠᠢᠨ᠎ᠠ
ᠠᠢᠴᠢᠯᠠᠭᠠᠳ ᠬᠦᠷᠬᠦ ᠳᠦ ᠪᠦᠵᠢᠭᠢᠨᠡᠵᠤ ᠭᠠᠷᠳᠠᠭ
ᠠᠨᠳᠠ ᠤᠳ ᠶᠢᠨ ᠮᠢᠨᠢ ᠬᠠᠳᠠᠭᠳᠠᠢ ᠤᠳ
ᠠᠯᠢᠮᠠᠨ ᠶᠠᠭᠠᠬᠠᠨ ᠵᠢᠰᠦᠯᠢᠭ ᠳᠦᠷᠦᠭᠰᠡᠨ
ᠠᠢᠯ ᠰᠠᠳᠤᠨ ᠤ ᠮᠢᠨᠢ ᠳᠡᠭᠦᠳᠠᠢ ᠤᠳ
ᠦᠩᠭᠡᠷᠡᠤ ᠭᠤᠧᠠᠯᠢᠭ ᠴᠤᠭᠴᠢᠰ ᠭᠡᠵᠢ
ᠦᠷᠭᠦᠴᠢᠬᠡᠭᠰᠡᠨ ᠰᠤᠭᠤ ᠤᠳ ᠯᠡ
ᠦᠨᠳᠦᠰᠦᠳᠠᠨ ᠤ ᠤᠨᠴᠤᠯᠢᠭᠳᠤ ᠬᠤᠪᠴᠠᠰᠤ ᠭᠡᠵᠢ
ᠦᠩᠭᠡ ᠢᠯᠭᠠᠷᠠᠭᠰᠠᠨ ᠴᠡᠴᠡᠭ ᠦᠳ ᠯᠡ
ᠪᠤᠬᠢᠷᠳᠠᠯ ᠦᠭᠡᠢ ᠤᠷᠤᠰᠢᠬᠤ ᠶᠢ ᠬᠦᠰᠡᠭᠡᠳ
ᠪᠤᠮᠪᠠᠰᠤᠨ ᠰᠤᠶᠤᠯ ᠢᠶᠠᠨ ᠰᠡᠷᠭᠦᠭᠡᠵᠤ ᠪᠠᠢᠨ᠎ᠠ
ᠪᠠᠢᠭᠠᠯᠢ ᠡᠬᠡ ᠶᠢᠨ ᠪᠤᠨᠳᠤᠷᠸᠠ ᠴᠡᠴᠡᠭ ᠡᠴᠡ
ᠪᠠᠷᠢᠭᠤᠯᠵᠤ ᠳᠠᠨ ᠳᠤ ᠪᠠᠨ ᠬᠦᠷᠭᠡᠮᠡᠷ ᠡ
ᠤᠤᠭᠠᠯ ᠮᠤᠩᠭᠤᠯ ᠨᠤᠳᠤᠭ ᠤᠨ ᠢᠶᠠᠨ
ᠤᠤᠯ ᠵᠠᠩᠰᠢᠯ ᠢ ᠨᠢ ᠰᠡᠷᠭᠦᠭᠡᠵᠤ ᠪᠠᠢᠨ᠎ᠠ
ᠤᠯᠳᠤᠢ ᠴᠤ ᠪᠤᠯᠤᠭ ᠰᠢᠯᠦᠭ ᠬᠢᠯᠬᠢᠵᠤ
ᠤᠶᠡᠩᠭᠠᠯᠠᠵᠤ ᠳᠠᠨᠠᠷ ᠲᠤ ᠪᠠᠨ ᠡᠷᠭᠦᠮᠡᠷ
ᠯᠢᠤ ᠵᠢᠨ
2017᠂ 6᠂ 13᠂᠂
1
0