ᠨᠤᠬᠠᠢ ᠵᠢᠯ ᠤᠨ ᠰᠢᠯᠦᠭ
11158
2018-02-28 17:03
发表于:内蒙古
ᠨᠤᠭᠤᠷᠠᠰᠢ ᠦᠭᠡᠢ ᠬᠠᠳᠠᠨ ᠰᠦᠰᠦ ᠵᠤᠷᠢᠭ ᠤᠨ ᠡᠵᠡᠨ
ᠨᠤᠶᠠᠨ ᠳᠤᠤᠷᠠᠳᠤ ᠢᠯᠭᠠᠳᠠᠭ ᠦᠭᠡᠢ ᠬᠦᠮᠦᠨ ᠮᠦᠰᠦ ᠳᠠᠢ ᠠᠮᠢᠳᠠᠨ
ᠨᠤᠢᠳᠠᠨ ᠬᠦᠢᠳᠡᠨ ᠬᠠᠮᠢᠭ᠎ᠠ ᠦᠭᠡᠢ ᠬᠤᠳᠠ ᠡᠶᠡᠨ ᠰᠠᠬᠢᠭᠰᠠᠨ ᠵᠢᠷᠤᠮᠳᠠᠨ
ᠨᠤᠬᠠᠢ ᠮᠤᠷᠢ ᠮᠤᠩᠭᠤᠯ ᠬᠦᠮᠦᠨ ᠦ ᠮᠤᠯᠤᠷ ᠡᠷᠳᠡᠨᠢ
ᠳᠠᠨᠠᠨ ᠴᠠᠭᠠᠨ ᠭᠡᠷ ᠦᠨ ᠮᠢᠨᠢ ᠰᠠᠬᠢᠭᠴᠢ ᠡᠷᠳᠡᠨᠢ
ᠳᠠᠰ ᠬᠠᠷᠠᠩᠭᠤᠢ ᠰᠦᠨᠢ ᠶᠢᠨ ᠬᠠᠷᠠᠭᠤᠯ ᠡᠷᠳᠡᠨᠢ
ᠳᠠᠭᠠᠷᠠᠭᠰᠠᠨ ᠡᠵᠡᠨ ᠳᠦ ᠪᠡᠨ ᠰᠢᠳᠤᠷᠭᠤ ᠡᠷᠳᠡᠨᠢ
ᠨᠤᠬᠠᠢ ᠪᠠᠨ ᠳᠠᠭᠠᠭᠤᠯᠤᠭᠠᠳ ᠮᠤᠷᠢ ᠳᠤ ᠪᠠᠨ ᠮᠤᠷᠳᠤᠭᠰᠠᠭᠠᠷ
ᠮᠤᠩᠭᠤᠯ ᠬᠦᠮᠦᠨ ᠦ ᠬᠡᠢᠢᠮᠤᠷᠢ ᠰᠡᠷᠭᠦᠨ᠎ᠡ
ᠨᠤᠮᠤ ᠪᠠᠨ ᠬᠠᠷᠪᠤᠭᠠᠳ ᠨᠤᠬᠠᠢ ᠪᠠᠨ ᠳᠠᠯᠪᠢᠭᠰᠠᠭᠠᠷ
ᠮᠤᠩᠭᠤᠯ ᠬᠦᠮᠦᠨ ᠦ ᠭᠠᠨᠵᠠᠭᠠ ᠳᠦᠭᠦᠷᠡᠨ᠎ᠡ
ᠴᠢᠳᠬᠦᠷ ᠬᠦᠷᠳᠡᠯ᠎ᠡ ᠰᠦᠷᠳᠡᠵᠤ ᠵᠠᠢᠯᠠᠳᠠᠭ
ᠳᠦᠷᠪᠡᠨ ᠨᠢᠳᠤᠳᠠᠢ ᠪᠠᠩᠬᠠᠷ ᠨᠤᠬᠠᠢ
ᠴᠢᠨᠤᠸ᠎ᠠ ᠦᠨᠡᠭᠡ ᠶᠢ ᠴᠤ ᠪᠠᠷᠢᠬᠤ ᠴᠢᠳᠠᠯᠳᠠᠢ
ᠳᠦᠢᠪᠡᠭᠡᠭᠴᠢ ᠡᠳᠡᠭᠡᠳ ᠦᠨ ᠳᠠᠷᠤᠯᠭ᠎ᠠ ᠨᠤᠬᠠᠢ
ᠢᠷᠡᠵᠤ ᠪᠠᠢᠭ᠎ᠠ ᠨᠤᠬᠠᠢ ᠵᠢᠯ ᠳᠤ ᠪᠠᠨ
ᠯᠢᠤ ᠵᠢᠨ
6
0