ᠠᠰᠪᠤᠷᠢ ᠠᠨᠳᠠ ᠮᠢᠨᠢ
11380
2018-02-28 13:52
发表于:内蒙古
ᠤᠷᠴᠢᠭᠤᠯᠭ᠎ᠠ ᠳᠤ ᠡᠷᠭᠦᠭᠰᠡᠨ ᠳᠦᠯᠡᠴᠢ
ᠠᠰᠪᠤᠷᠢ ᠬᠦᠭᠡᠷᠦᠬᠡᠢ ᠮᠢᠨᠢ
ᠠᠶᠠᠨ ᠤ ᠳᠡᠷᠡ ᠠᠯᠤᠰ ᠲᠤ ᠪᠠᠨ
ᠠᠮᠤᠷ ᠮᠡᠨᠳᠦᠬᠡᠨ ᠬᠦᠷᠦᠭᠡᠷᠡᠢ
ᠠᠮᠤᠷᠯᠠᠩᠭᠤᠢ ᠳᠠᠢᠪᠠᠩ ᠨᠤᠢᠷᠰᠤᠭᠠᠷᠠᠢ
ᠠᠷᠢᠬᠢ ᠪᠠᠨ ᠳᠠᠳᠠ ᠠᠮᠤᠷ ᠦᠭᠡᠢ ᠭᠡᠵᠤ
ᠠᠩᠬᠠᠷᠠᠭᠤᠯᠵᠤ ᠪᠠᠢᠭᠰᠠᠨ ᠠᠨᠳᠠ ᠮᠢᠨᠢ
ᠬᠠᠭᠤᠴᠢᠨ ᠨᠢᠭᠡ ᠮᠢᠨᠢ
ᠬᠤᠨᠤᠭ ᠡᠳᠤᠷ ᠦᠭᠡᠢ ᠠᠭᠤᠯᠵᠠᠭᠰᠠᠭᠠᠷ
ᠬᠠᠭᠤᠴᠢ ᠵᠤᠭᠤᠭ ᠢᠶᠠᠨ ᠬᠡᠯᠡᠯᠴᠡᠭᠰᠡᠭᠡᠷ
ᠬᠤᠨᠳᠤᠭᠠ ᠠᠷᠢᠬᠢ ᠵᠦᠷᠢᠭᠦᠯᠦᠭᠰᠡᠭᠡᠷ
ᠬᠤᠭᠤᠷᠤᠨᠳᠤ ᠳᠤ ᠨᠢ ᠪᠠᠰᠠ ᠬᠡᠷᠡᠯᠳᠤᠭᠰᠡᠭᠡᠷ
ᠬᠤᠶᠠᠷ ᠬᠤᠨᠤᠬᠤ ᠦᠭᠡᠢ ᠳᠠᠭᠠᠷᠠᠴᠢᠬᠠᠳᠠᠭ
ᠬᠤᠪᠤᠷᠬᠠᠨ ᠰᠠᠢᠨ ᠬᠦᠮᠦᠨ ᠦ ᠨᠢᠭᠡ ᠮᠢᠨᠢ
ᠬᠤᠬᠤᠨ ᠠᠷᠢᠬᠢᠨ ᠳᠤ ᠳᠠ ᠮᠢᠨᠢ
ᠬᠤᠯᠠᠳᠠᠵᠤ ᠳᠡᠢᠯᠡᠬᠦ ᠦᠭᠡᠢ ᠤᠷᠤᠯ᠎ᠠ ᠤᠤ
ᠬᠤᠷᠤᠸᠠ ᠳᠤ ᠠᠮᠢᠳᠤᠷᠠᠬᠤ ᠨᠠᠰᠤ ᠪᠠᠨ
ᠬᠤᠯᠠ ᠳᠤᠳᠠᠭᠤ ᠡᠳᠡᠯᠡᠯᠡ ᠦᠦ
ᠬᠤᠪᠢ ᠵᠠᠶᠠᠭ᠎ᠠ ᠯᠠ ᠭᠡᠵᠤ ᠬᠡᠯᠡᠬᠦ ᠦᠦ
ᠬᠤᠶᠠᠷ ᠨᠢᠳᠤᠨ ᠤ ᠮᠢᠨᠢ ᠨᠢᠯᠪᠤᠰᠤ ᠶᠢ
ᠬᠤᠷᠢᠵᠤ ᠴᠢᠳᠠᠭᠰᠠᠨ ᠦᠭᠡᠢ ᠤᠨᠠᠭᠠᠭᠰᠠᠨ ᠠ
ᠳᠠᠪᠢ ᠶᠢᠨ ᠳᠠᠪᠠᠭ᠎ᠠ ᠶᠢ ᠪᠢᠳᠠ ᠴᠢᠨᠢ
ᠳᠠᠮᠢᠷ ᠬᠦᠴᠦ ᠳᠠᠢ ᠳᠠᠪᠠᠵᠤ ᠪᠠᠢᠯ᠎ᠠ
ᠳᠠᠬᠢᠶ᠎ᠠ ᠴᠢᠨᠢ ᠬᠡᠨᠡᠳᠳᠡ ᠳᠤᠤᠭᠠᠷᠴᠢᠬᠠᠬᠤ ᠳᠤ
ᠳᠠᠪᠢᠯᠠᠩ ᠯᠠ ᠭᠡᠵᠤ ᠪᠤᠳᠤᠬᠤ ᠤᠤ
ᠳᠠᠩᠭᠢᠯᠬᠠᠨ ᠭᠠᠩᠭᠠᠨ ᠨᠠᠰᠤ ᠪᠢᠰᠢ ᠴᠤ
ᠳᠠᠯᠪᠢᠴᠢᠬᠠᠬᠤ ᠠᠮᠢᠰᠬᠤᠯ ᠭᠡᠵᠤ ᠵᠡᠭᠦᠳᠡᠨ ᠳᠦ ᠦᠭᠡᠢ
ᠦᠨᠡᠨ ᠦ ᠤᠷᠤᠨ ᠳᠤ ᠪᠠᠨ ᠴᠢ
ᠠᠮᠤᠷᠯᠠᠩᠭᠤᠢ ᠨᠤᠷᠰᠤᠭᠰᠠ ᠴᠤ
ᠦᠶ᠎ᠡ ᠬᠤᠷᠤᠭ ᠤᠢᠷ᠎ᠠ ᠳᠦᠷᠦᠯ ᠪᠦᠭᠦᠳᠡᠭᠡᠷ
ᠴᠢᠮᠠᠢ ᠮᠤᠷᠳᠤᠭᠤᠯᠤᠭᠰᠠᠨ ᠴᠤ
ᠦᠷ᠎ᠡ ᠶᠢᠨ ᠬᠤᠶᠠᠷ ᠬᠤᠬᠡᠳ ᠴᠢᠨᠢ
ᠦᠭᠡᠯᠡᠢ ᠦᠨᠳᠦᠷ ᠪᠤᠯᠤᠭᠰᠠᠨ ᠴᠤ
ᠦᠨᠤᠳᠤᠷ ᠤᠨ ᠨᠡᠢᠭᠡᠮ ᠦᠩᠭᠡ ᠭᠢᠯᠪᠠᠳᠠᠯᠠ
ᠬᠦᠭᠵᠢᠭᠰᠡᠨ ᠴᠤ
ᠦᠭᠡᠬᠦ ᠮᠢᠬ᠎ᠡ ᠳᠤᠰᠤ ᠪᠠᠷ ᠡᠯᠳᠡᠩ ᠪᠤᠶᠠᠨ
ᠬᠢᠭᠰᠡᠨ ᠴᠤ
ᠦᠯᠡᠳᠡᠭᠰᠡᠨ ᠬᠤᠶᠠᠷ ᠬᠤᠬᠡᠳ ᠴᠢᠨᠢ
ᠠᠮᠢᠳᠤᠷᠠᠯ ᠭᠡᠳᠡᠭ ᠳᠤᠯᠭᠠᠷᠠᠨ᠎ᠠ
ᠦᠯᠵᠢ ᠮᠦᠷᠳᠠᠢ ᠯᠠ ᠪᠠᠢᠬᠤ ᠶᠢ ᠨᠢ
ᠳᠠᠭᠠᠳᠬᠠᠵᠤ ᠪᠠᠢᠶ᠎ᠠ ᠠᠨᠳᠠ ᠨᠢ
ᠥ ᠮᠠ ᠦᠭᠡᠢ ᠨᠢᠯᠬᠡ ᠪᠤᠯ
ᠦᠨᠡᠨ ᠳᠡᠭᠡᠨ ᠨᠢᠭᠡ ᠯᠠ ᠵᠦᠭ ᠡ
ᠤᠴᠢᠷ ᠳᠦᠬᠦᠭᠡᠷᠡᠬᠦ ᠬᠤᠬᠡᠳ ᠴᠢᠨᠢ
ᠦᠷ᠎ᠡ ᠵᠢᠷᠦᠬᠡ ᠨᠢ ᠡᠪᠡᠳᠳᠤᠨᠠ
ᠦᠵᠡᠬᠦ ᠨᠢᠳᠤᠨ ᠳᠤ ᠨᠢ ᠳᠤᠳᠤᠷᠠᠨ᠎ᠠ
ᠦᠷᠦᠭᠡᠯ ᠦᠨ ᠬᠠᠷᠠᠭ᠎ᠠ ᠶᠢ ᠬᠠᠯᠢᠷᠠᠭᠤᠯᠤᠨᠠ
ᠡᠮᠵᠢᠭᠭᠡᠨ ᠰᠡᠳᠬᠡᠯ ᠢ ᠮᠢᠨᠢ ᠬᠠᠢᠯᠠᠭᠤᠯᠤᠨᠠ
ᠠᠯᠳᠠ ᠮᠡᠳᠤ ᠦᠨᠡᠳᠠᠢ ᠦᠭᠡ ᠪᠡᠷ
ᠠᠪᠠᠭ᠎ᠠ ᠨᠢ ᠰᠤᠷᠭᠠᠬᠤ ᠴᠢᠳᠠᠪᠤᠷᠢ ᠦᠭᠡᠢ ᠳᠦ
ᠠᠷᠭᠠᠯ ᠢᠶᠠᠷ ᠶᠠᠭᠠᠬᠢᠪᠠᠴᠤ ᠰᠤᠯᠢᠬᠤ ᠦᠭᠡᠢ
ᠰᠠᠨᠠᠭᠤᠯᠤᠮᠵᠢ ᠪᠠᠨ ᠬᠢᠷᠬᠢᠪᠡᠴᠤ ᠬᠡᠯᠡᠬᠦ ᠶᠤᠮ
ᠠᠰᠳᠠᠭᠠᠨ ᠠᠷᠪᠢᠨ ᠵᠤᠪᠠᠯ ᠦᠭᠡᠢ
ᠠᠮᠤᠷ ᠳᠠᠢᠪᠠᠩ ᠨᠤᠢᠷᠰᠤᠭᠠᠷᠠᠢ
ᠠᠰᠪᠤᠷᠢᠬᠠᠨ ᠪᠤᠳᠤᠯ ᠳᠠᠢ ᠠᠨᠳᠠ ᠮᠢᠨᠢ
ᠠᠷᠠᠵᠠ ᠭᠡᠰᠡᠨ ᠰᠠᠶ᠋ᠢᠬᠠᠨ ᠨᠡᠷ᠎ᠡ ᠪᠡᠷ
ᠠᠨᠳᠠ ᠶᠢ ᠮᠢᠨᠢ ᠬᠤᠤᠷᠯᠠᠭᠰᠠ ᠠᠳᠠ ᠴᠢᠮᠠᠢ
ᠪᠤᠳᠤᠩ ᠭᠡᠳᠡᠭ ᠭᠤᠶᠤ ᠬᠤᠪᠴᠠᠰᠤ ᠪᠠᠷ
ᠪᠤᠰᠤᠳ ᠢ ᠬᠠᠭᠤᠷᠠᠳᠠᠭ ᠪᠤᠭ ᠴᠢᠮᠠᠢ
ᠠᠷᠢᠬᠢ ᠭᠡᠳᠡᠭ ᠭᠠᠰᠢᠭᠤᠨ ᠠᠮᠳᠠ ᠪᠠᠷ
ᠠᠮᠢᠳᠠᠨ ᠢ ᠮᠤᠩᠬᠤᠷᠠᠭᠤᠯᠳᠠᠭ ᠴᠡᠳᠬᠦᠷ ᠴᠢᠮᠠᠢ
ᠠᠯᠢ ᠡᠷᠳᠡᠨ ᠦ ᠭᠠᠯᠪᠠ ᠳᠤ
ᠶᠠᠮᠠᠷ ᠰᠠᠬᠢᠭᠤᠯᠤᠭᠰᠠᠨ ᠪᠦᠳᠦᠭᠡᠪᠡ
ᠡᠳᠤᠭᠡ ᠶᠢᠨ ᠬᠦᠭᠵᠢᠭᠰᠡᠨ ᠨᠡᠢᠭᠡᠮ ᠳᠦ
ᠶᠠᠮᠠᠷ ᠡᠷᠳᠡᠮᠳᠡᠨ ᠨᠢ ᠳᠤᠨᠢᠯᠭᠠᠬᠤ ᠪᠤᠢ!?
ᠯᠢᠤ ᠵᠢᠨ
5
0