ᠠᠩᠬᠠᠨ ᠤ ᠴᠠᠰᠤ
ᠠᠩᠬᠠᠨ ᠤ ᠴᠠᠰᠤ
5049
2018-02-28 10:30
发表于:内蒙古
ᠠᠩᠬᠠᠨ ᠤ ᠴᠠᠰᠤ
ᠰᠢᠨ᠎ᠡ ᠵᠢᠯ ᠤᠨ ᠠᠩᠬᠠᠨ ᠤ ᠴᠠᠰᠤ
ᠴᠢᠭᠢᠭ ᠰᠡᠩᠭᠢᠨᠡᠭᠦᠯᠦᠨ ᠰᠡᠮᠬᠡᠨ ᠪᠠᠭᠤᠬᠤ ᠳᠤ
ᠰᠢᠵᠢᠷ ᠨᠠᠷᠠᠨ ᠪᠠᠶᠠᠰᠤᠨ ᠮᠠᠨᠳᠤᠵᠤ
ᠴᠡᠯᠮᠡᠭ ᠳᠡᠭᠷᠢ ᠳᠠᠯᠮᠢᠶᠠᠷᠠᠨ ᠮᠦᠰᠢᠶᠡᠨ᠎ᠡ
ᠭᠠᠩᠳᠠᠭᠤ ᠪᠠᠢᠭᠰᠠᠨ ᠭᠠᠵᠠᠷ ᠳᠡᠯᠡᠬᠡᠢ
ᠭᠠᠩᠭᠠᠯᠠᠵᠤ ᠡᠩᠰᠡᠭᠯᠡᠯᠡ ᠭᠡᠮᠡᠷ ᠴᠡᠪᠡᠷ ᠴᠠᠭᠠᠬᠠᠨ
ᠭᠠᠯᠠᠭᠤᠳ ᠢᠶᠠᠨ ᠦᠭᠡᠢᠯᠡᠭᠰᠡᠨ ᠬᠦᠬᠡ ᠳᠡᠭᠷᠢ
ᠭᠠᠩᠨᠠᠬᠤ ᠳᠠᠭᠤᠨ ᠢ ᠨᠢ ᠳᠤᠭᠤᠯᠳᠠᠭ᠎ᠠ ᠭᠡᠮᠡᠷ
ᠬᠦᠷᠦᠰᠦᠨ ᠦ ᠳᠤᠤᠷᠠᠬᠢ ᠬᠦᠬᠡ ᠦᠨᠳᠦᠰᠦ
ᠬᠦᠨᠵᠢᠯᠡ ᠢᠰᠭᠦᠴᠡᠨ ᠬᠦᠩᠭᠡᠬᠡᠨ ᠡᠪᠴᠢᠶᠡᠵᠤ
ᠬᠦᠬᠡᠷᠡᠨ ᠰᠤᠶᠤᠯᠠᠬᠤ ᠶᠢᠨ ᠵᠡᠭᠦᠳᠦ ᠬᠢᠯᠬᠢᠨ
ᠬᠦᠭᠵᠢᠨ ᠦᠷᠡᠯᠡᠬᠦ ᠶᠢᠨ ᠬᠦᠰᠡᠯ ᠰᠤᠪᠢᠨᠠ
ᠦᠩᠭᠡ ᠳᠠᠢ ᠵᠢᠯ ᠤᠨ ᠰᠠᠢᠬᠠᠨ ᠡᠪᠤᠯ
ᠦᠵᠡᠵᠤ ᠪᠠᠢᠳᠠᠯ᠎ᠠ ᠳᠤᠯᠠᠭᠠᠬᠠᠨ ᠦᠩᠭᠡᠷᠡᠪᠡ
ᠦᠷᠡᠵᠢᠯᠳᠤ ᠰᠦᠷᠦᠭ ᠨᠢᠷᠤᠭᠤ ᠳᠡᠨᠡᠢᠯᠭᠡᠵᠤ
ᠦᠭᠡᠬᠦᠨ ᠳᠠᠷᠭᠤ ᠪᠠᠷ ᠬᠠᠪᠤᠷ ᠢ ᠤᠭᠳᠠᠪᠠ᠂᠂
ᠯᠢᠤ ᠵᠢᠨ
2018᠂ 2᠂ 23᠂᠂
2
0