ᠬᠠᠪᠤᠷ ᠤᠨ ᠴᠠᠰᠤ
ᠬᠠᠪᠤᠷ ᠤᠨ ᠴᠠᠰᠤ
4616
2018-02-28 10:23
发表于:内蒙古
ᠬᠠᠪᠤᠷ ᠤᠨ ᠴᠠᠰᠤ
ᠬᠠᠶᠠᠯᠠᠨ ᠬᠠᠶᠠᠯᠠᠨ ᠪᠠᠭᠤᠬᠤ
ᠬᠠᠪᠤᠷ ᠤᠨ ᠤᠶᠠᠷᠠᠭᠤᠨ ᠴᠠᠰᠤᠨ
ᠬᠠᠩᠭᠢᠨᠠᠨ ᠬᠠᠩᠭᠢᠨᠠᠨ ᠮᠠᠢᠯᠠᠬᠤ
ᠳᠦᠯ ᠦᠨ ᠳᠠᠭᠤᠨ ᠢ ᠰᠢᠪᠬᠠᠳᠠᠨᠠ
ᠰᠠᠪᠰᠠᠯᠠᠨ ᠰᠠᠪᠰᠠᠯᠠᠨ ᠤᠷᠤᠬᠤ
ᠰᠡᠪ ᠰᠡᠪᠰᠡᠭᠡᠷᠬᠡᠨ ᠴᠠᠰᠤᠨ
ᠰᠡᠷᠪᠡᠯᠵᠡᠨ ᠰᠡᠷᠪᠡᠯᠵᠡᠨ ᠳᠤᠭᠯᠠᠬᠤ
ᠬᠤᠷᠡᠭᠠ ᠤ ᠦᠰᠦ ᠶᠢ ᠰᠠᠮᠨᠠᠨ᠎ᠠ
ᠮᠦᠩᠭᠦᠯᠡᠨ ᠮᠦᠩᠭᠦᠯᠡᠨ ᠪᠠᠭᠤᠬᠤ
ᠮᠦᠩᠬᠡ ᠳᠡᠭᠷᠢ ᠶᠢᠨ ᠬᠡᠰᠢᠭ ᠨᠢ
ᠮᠦᠭᠡᠷᠡᠨ ᠳᠤᠭᠳᠠᠨ ᠪᠡᠯᠴᠢᠬᠦ
ᠮᠠᠨ ᠤᠨ ᠨᠢᠷᠤᠭᠤ ᠳᠡᠨᠡᠢᠯᠭᠡᠨᠡ
ᠠᠶᠠᠷ ᠠᠶᠠᠷᠬᠠᠨ ᠯᠠᠪᠰᠠᠯᠠᠬᠤ
ᠠᠭᠠᠷ ᠤᠨ ᠴᠡᠪᠡᠷᠬᠡᠨ ᠷᠠᠰᠢᠶᠠᠨ ᠨᠢ
ᠠᠵᠢᠷᠭ᠎ᠠ ᠠᠵᠢᠷᠭᠠᠨ ᠳᠡᠯ ᠢ ᠤᠭᠢᠶᠠᠵᠤ
ᠠᠩᠬᠠᠨ ᠤ ᠨᠤᠭᠤᠭ᠎ᠠ ᠰᠠᠨᠠᠭᠳᠠᠭᠤᠯᠤᠨ᠎ᠠ᠂᠂
ᠯᠢᠤ ᠵᠢᠨ
ᠰᠢᠷ᠎ᠡ ᠨᠤᠬᠠᠢ ᠵᠢᠯ ᠤᠨ ᠴᠠᠭᠠᠨ ᠰᠠᠷ᠎ᠠ
23
2