ᠬᠥᠷ ᠴᠠᠰᠤ
ᠬᠥᠷ ᠴᠠᠰᠣᠨ ᠤ ᠲᠣᠬᠠᠢ
10471
2018-02-05 10:36
发表于:内蒙古
ᠬᠥᠷ ᠴᠠᠰᠣᠨ ᠤ ᠲᠠᠪᠢᠯᠠᠩ ᠢᠶᠠᠷ
ᠬᠠᠬᠢᠷ ᠡᠪᠥᠯ ᠠᠶᠢᠯᠴᠢᠯᠠᠭᠰᠠᠨ
ᠬᠦᠬᠥᠭᠡ ᠡᠪᠥᠯ ᠦᠨ ᠬᠦᠢᠲᠡᠨ ᠢ
ᠬᠠᠨ ᠲᠡᠭᠷᠢ ᠳᠦ ᠠᠶᠢᠯᠠᠳᠬᠠᠭᠰᠠᠨ
ᠠᠷᠢᠭᠣᠨ ᠴᠠᠭᠠᠨ ᠥᠩᠭᠡ ᠪᠡᠷ ᠢᠶᠡᠨ
ᠠᠯᠲᠠᠨ ᠨᠠᠮᠣᠷ ᠢ ᠦᠳᠡᠵᠦ
ᠠᠰᠢᠳᠠ ᠶᠢᠨ ᠰᠠᠶᠢᠬᠠᠨ ᠣᠷᠣᠨ ᠢ
ᠬᠥᠢᠲᠡᠨ ᠡᠪᠥᠯ ᠳᠦ ᠣᠷᠣᠭᠣᠯᠠᠭᠰᠠᠨ
ᠬᠥᠪᠥᠩ ᠴᠠᠭᠠᠨ ᠵᠢᠰᠥ ᠪᠡᠷ ᠢᠶᠡᠨ
ᠬᠥᠮᠥᠨ ᠵᠣᠨ ᠢ ᠪᠠᠶᠠᠰᠬᠠᠵᠣ
ᠬᠥᠳᠡᠬᠡ ᠶᠢᠨ ᠰᠢᠷᠭᠠᠯ ᠥᠵᠡᠮᠵᠢ ᠶᠢ
ᠬᠥᠴᠥᠯᠢᠭ ᠪᠡᠶ᠎ᠡ ᠪᠡᠷ ᠢᠶᠡᠨ ᠪᠥᠷᠬᠥᠭᠰᠡᠨ
ᠠᠩᠴᠢᠨ ᠠᠪᠠᠭ᠎ᠠ ᠨᠠᠷ ᠲᠤ
ᠠᠯᠲᠠᠨ ᠳᠥᠷᠥᠭᠡ ᠪᠡᠯᠭᠡᠯᠡᠨ
ᠠᠪᠯᠠᠬᠣ ᠲᠠᠣᠯᠠᠢ ᠶᠢᠨ ᠮᠥᠷ ᠢ
ᠠᠮᠢᠳᠥ ᠰᠠᠶᠢᠬᠠᠨ ᠵᠢᠷᠣᠭᠯᠠᠭᠰᠠᠨ
ᠬᠥᠷ ᠴᠠᠰᠣᠨ ᠤ ᠲᠠᠪᠢᠯᠠᠩ ᠢᠶᠠᠷ
ᠬᠥᠳᠡᠭᠡ ᠨᠣᠲᠣᠭ ᠪᠠᠶᠠᠰᠴᠣ
ᠪᠥᠭᠡᠮ ᠴᠠᠰᠣᠨ ᠤ ᠮᠣᠷᠢᠯᠠᠬᠣ ᠪᠠᠷ
ᠪᠥᠭᠡᠮ ᠬᠥᠭᠵᠢᠶᠡᠨ ᠪᠣᠯᠣᠭᠰᠠᠨ ᠶᠤᠮ᠃
ᠵᠣᠬᠢᠶᠠᠭᠴᠢ᠄ ᠴᠧᠨ ᠨᠢᠭᠡᠲᠦᠯᠲᠦ
ᠴᠢᠥ ᠴᠢᠥ 2198642404
7 0