ᠵᠠᠩᠭᠢᠯᠠᠭ᠎ᠠ ᠶᠢᠨ ᠦᠶᠡᠰ ᠮᠠᠨᠳᠤᠭᠰᠠᠨ ᠵᠢᠩᠭᠢᠨᠢ ᠠᠷᠠᠳ ᠦᠨ ᠡᠮᠴᠢ
ᠠᠭᠤᠤ ᠨᠠᠮ ᠤᠨ ᠠᠴᠢ ᠡᠨᠡᠷᠢᠯ ᠢᠶᠡᠷ ᠠᠤᠭ᠎ᠠ ᠲᠤᠮᠳᠠᠳᠤ ᠮᠢᠨᠢ ᠠᠯᠳᠠᠨ ᠲᠡᠯᠡᠬᠡᠢ ᠶᠢᠨ ᠣᠳᠤᠨ ᠪᠣᠯᠵᠤ ᠭᠢᠯᠠᠯᠵᠠᠨ᠎ᠠ ᠃ᠡᠨᠳᠡ ᠡᠯ᠎ᠡ ᠦᠨᠳᠦᠰᠦᠳᠡᠨ ᠦ ᠠᠷᠠᠳ ᠤᠯᠠᠨ ᠢᠶᠠᠷ ᠢᠶᠠᠨ ᠨᠢᠭᠳᠠᠷᠠᠨ ᠂ ᠦᠵᠡᠯᠳᠡ ᠲᠠᠨᠢᠯᠳᠠ ᠪᠠᠨ ᠨᠢᠭᠡᠳᠭᠡᠨ ᠂ ᠦᠯᠵᠡᠢ ᠵᠢᠷᠭᠠᠯ ᠲᠠᠶ ᠠᠮᠢᠳᠤᠷᠠᠨ ᠰᠤᠷᠤᠯᠴᠠᠵᠠᠭᠠᠨᠠ ᠃ ᠪᠣᠯᠪᠠᠰᠤᠨ ᠤ ᠴᠡᠴᠡᠭ ᠡᠨᠳᠡ ᠡᠴᠡ ᠲᠡᠯᠭᠡᠷᠡᠵᠦ ᠪᠦᠮᠪᠦᠷᠴᠡᠭ ᠲᠡᠯᠡᠬᠡᠢ ᠶᠢ ᠭᠣᠶᠤᠯᠠᠨ ᠴᠢᠮᠡᠭᠯᠡᠨ᠎ᠡ ᠃
205
2025-03-06 13:23
发表于:内蒙古
ᠵᠠᠩᠭᠢᠯᠠᠭ᠎ᠠ ᠶᠢᠨ ᠦᠶᠡᠰ ᠮᠠᠨᠳᠤᠭᠰᠠᠨ ᠵᠢᠩᠭᠢᠨᠢ ᠠᠷᠠᠳ ᠦᠨ ᠡᠮᠴᠢ
ᠪ ᠂ ᠠᠯᠳᠠᠨᠪᠠᠭᠠᠨ᠎ᠠ
ᠠᠭᠤᠤ ᠨᠠᠮ ᠤᠨ ᠠᠴᠢ ᠡᠨᠡᠷᠢᠯ ᠢᠶᠡᠷ ᠠᠤᠭ᠎ᠠ ᠲᠤᠮᠳᠠᠳᠤ ᠮᠢᠨᠢ ᠠᠯᠳᠠᠨ ᠲᠡᠯᠡᠬᠡᠢ ᠶᠢᠨ ᠣᠳᠤᠨ ᠪᠣᠯᠵᠤ ᠭᠢᠯᠠᠯᠵᠠᠨ᠎ᠠ ᠃ᠡᠨᠳᠡ ᠡᠯ᠎ᠡ ᠦᠨᠳᠦᠰᠦᠳᠡᠨ ᠦ ᠠᠷᠠᠳ ᠤᠯᠠᠨ ᠢᠶᠠᠷ ᠢᠶᠠᠨ ᠨᠢᠭᠳᠠᠷᠠᠨ ᠂ ᠦᠵᠡᠯᠳᠡ ᠲᠠᠨᠢᠯᠳᠠ ᠪᠠᠨ ᠨᠢᠭᠡᠳᠭᠡᠨ ᠂ ᠦᠯᠵᠡᠢ ᠵᠢᠷᠭᠠᠯ ᠲᠠᠶ ᠠᠮᠢᠳᠤᠷᠠᠨ ᠰᠤᠷᠤᠯᠴᠠᠵᠠᠭᠠᠨᠠ ᠃ ᠪᠣᠯᠪᠠᠰᠤᠨ ᠤ ᠴᠡᠴᠡᠭ ᠡᠨᠳᠡ ᠡᠴᠡ ᠲᠡᠯᠭᠡᠷᠡᠵᠦ ᠪᠦᠮᠪᠦᠷᠴᠡᠭ ᠲᠡᠯᠡᠬᠡᠢ ᠶᠢ ᠭᠣᠶᠤᠯᠠᠨ ᠴᠢᠮᠡᠭᠯᠡᠨ᠎ᠡ ᠃ ᠰᠣᠳᠤᠨ ᠡᠷᠳᠡᠮᠳᠡᠨ ᠂ ᠰᠢᠨᠵᠢᠯᠡᠬᠦ ᠤᠬᠠᠭᠠᠨᠳᠡᠳ ᠦᠨ ᠰᠢᠲᠡᠷᠡᠰᠢ ᠦᠭᠡᠢ ᠴᠢᠷᠮᠠᠢᠯᠭ᠎ᠠ ᠪᠠᠷ ᠰᠢᠨ᠎ᠡ ᠮᠠᠶ᠋ᠢᠭ ᠤᠨ ᠣᠳᠤᠬᠢᠴᠢᠯᠠᠭᠰᠠᠨ ᠠᠮᠢᠳᠤᠷᠠᠯ ᠨᠢ ᠰᠠᠨᠰᠠᠷ ᠲᠡᠯᠡᠬᠡᠢ ᠳᠦ ᠠᠯᠳᠠᠷᠰᠢᠵᠤ ᠰᠠᠷᠠᠨ ᠪᠦᠮᠪᠦᠷᠴᠡᠭ ᠢ ᠲᠣᠩᠰᠤᠯᠭᠠᠨᠠ ᠃
ᠰᠢᠨᠵᠢᠯᠡᠬᠦ ᠤᠬᠠᠭᠠᠨ ᠤ ᠦᠳᠳᠦᠷ ᠲᠦᠷᠭᠡᠨ ᠬᠦᠭᠵᠢᠯᠲᠡ ᠶᠢ ᠲᠠᠭᠠᠯᠳᠤᠨ ᠂ ᠡᠮ ᠡᠮᠨᠡᠯᠭᠡ ᠠᠨᠠᠭᠠᠬᠤ ᠤᠬᠠᠭᠠᠨ ᠴᠤ ᠣᠷᠢᠳᠤ ᠡᠮᠦᠨ᠎ᠡ ᠭᠠᠷᠤᠭ᠎ᠠ ᠦᠭᠡᠢ ᠨᠢᠰᠬᠦ ᠮᠡᠳᠦ ᠬᠦᠭᠵᠢᠵᠦ ᠂ ᠡᠮᠴᠢᠯᠡᠭᠡ ᠡᠮᠨᠡᠯᠭᠡ ᠶᠢᠨ ᠪᠠᠢᠴᠠᠭᠠᠯᠳᠠ ᠶᠢᠨ ᠲᠣᠨᠤᠭ ᠲᠦᠭᠦᠷᠦᠮᠵᠢ ᠰᠢᠨᠡᠴᠢᠯᠡᠭᠳᠡᠵᠦ ᠂ ᠡᠮᠴᠢ ᠰᠤᠪᠢᠯᠠᠭᠴᠢ ᠨᠠᠷ ᠤᠨ ᠡᠷᠳᠡᠮ ᠮᠡᠷᠭᠡᠵᠢᠯ ᠡᠳᠦᠷ ᠢᠷᠡᠬᠦᠶ᠎ᠡ ᠨᠡᠮᠡᠭᠳᠡᠨ ᠲᠡᠭᠡᠭᠰᠢᠯᠡᠵᠦ ᠢᠷᠡᠯ᠎ᠡ᠃ ᠨᠡᠩ ᠢᠯᠠᠨᠭᠭᠤᠶ᠎ᠠ ᠰᠣᠳᠤ ᠮᠡᠷᠭᠡᠨ ᠤᠯᠤᠰ ᠤᠨ ᠲᠡᠷᠢᠭᠦᠯᠡᠭᠴᠢ ᠰᠢ ᠵᠢᠨ ᠫᠢᠩ ᠨᠦᠬᠦᠷ ᠡᠴᠡ ᠴᠤ ᠲᠡᠯᠡᠬᠡᠢ ᠨᠡᠢᠳᠡ ᠶᠢᠨ ᠠᠷᠠᠳ ᠤᠯᠠᠨ ᠤ ᠡᠷᠡᠭᠦᠯ ᠮᠡᠨᠳᠦ ᠶᠢ ᠮᠠᠰᠢ ᠴᠢᠬᠤᠯᠠᠴᠢᠯᠠᠨ ᠦᠵᠡᠵᠦ ᠂ ᠡᠷᠡᠭᠦᠯ ᠮᠡᠨᠳᠦ ᠶᠢᠨ ᠲᠣᠬᠠᠢ ᠴᠢᠬᠤᠯᠠ ᠪᠦᠬᠦᠢ ᠪᠢᠴᠢᠭ ᠮᠠᠲ᠋ᠸᠷᠢᠶᠠᠯ ᠂ ᠶᠠᠷᠢᠶ᠎ᠠ ᠢᠯᠡᠳᠭᠡᠯ ᠂ ᠵᠠᠬᠢᠶ᠎ᠠ ᠵᠢᠭᠠᠪᠤᠷᠢ ᠪᠠᠨ ᠤᠳᠠᠭ᠎ᠠ ᠲᠠᠷᠠᠭᠠᠯᠠᠨ ᠨᠡᠢᠲᠡᠯᠡᠵᠦ ᠤᠷᠢᠶᠠᠯᠠᠵᠤ ᠦᠩᠭᠡᠷᠡᠪᠡ ᠃ ᠡᠨᠡ ᠨᠢ ᠴᠣᠬᠤᠮ ᠳᠦ ᠪᠡᠨ ᠠᠷᠠᠳ ᠤᠯᠠᠨ ᠢᠶᠠᠷ ᠢᠶᠠᠨ ᠡᠳᠦᠷ ᠢᠷᠡᠬᠦᠶ᠎ᠡ ᠡᠷᠡᠭᠦᠯᠵᠢᠨ ᠴᠢᠬᠢᠷᠠᠭᠵᠢᠪᠠᠯ ᠵᠦᠢᠲᠠᠢ ᠪᠠᠢᠵᠤ ᠲᠠᠭᠠᠷᠠᠨ᠎ᠠ᠃ ᠭᠡᠲᠡᠯ᠎ᠡ ᠤᠴᠢᠷ ᠶᠠᠪᠤᠳᠠᠯ ᠦᠨᠡᠨ ᠳᠦ ᠪᠡᠨ ᠲᠡᠢᠮᠦ ᠪᠢᠰᠢ ᠪᠤᠯᠤᠯ᠎ᠠ ᠃ ᠬᠠᠷᠢᠨ ᠶᠠᠭ ᠡᠰᠡᠷᠭᠦ ᠪᠡᠷ ᠡᠳᠡᠭᠡᠷᠡᠰᠢ ᠦᠭᠡᠢ ᠡᠯᠳᠡᠪ ᠦᠨ ᠦᠮᠠᠨ ᠦᠷᠪᠢᠰᠦᠯ ᠂ ᠵᠠᠰᠠᠷᠠᠰᠢ ᠦᠭᠡᠢ ᠵᠦᠢᠯ ᠦᠨ ᠬᠢᠵᠢᠭ ᠲᠠᠬᠤᠯ ᠰᠠᠮᠠᠭᠣᠷᠠᠨ ᠲᠡᠯᠭᠡᠷᠡᠭᠡᠳ ᠡᠷᠡᠭᠦᠯ ᠡᠩᠬᠡ ᠪᠡᠨ ᠠᠯᠳᠠᠭᠰᠠᠳ ᠤᠨ ᠲᠣᠭ᠎ᠠ ᠨᠣᠷᠮ᠎ᠠ ᠡᠳᠦᠷ ᠢᠷᠡᠬᠦᠶ᠎ᠡ ᠨᠡᠮᠡᠭᠳᠡᠨ ᠣᠯᠠᠰᠢᠷᠠᠯ᠎ᠠ᠃ ᠲᠡᠳᠡᠨᠦᠰ ᠪᠠᠢᠩᠭᠤ ᠡᠮᠨᠡᠯᠭᠡ ᠳᠦ ᠰᠠᠭᠤᠵᠤ ᠪᠠᠢᠳᠠᠭ ᠬᠠᠳᠠᠭᠠᠯᠠᠮᠵᠢ ᠪᠠᠨ ᠬᠦᠨᠲᠦᠷᠡᠭᠰᠡᠨ ᠴᠤ ᠵᠡᠭᠦᠳᠦ ᠬᠦᠰᠡᠯ ᠨᠢ ᠵᠠᠮᠬᠠᠷᠠᠨ ᠵᠢᠷᠭᠠᠯᠳᠦ ᠠᠮᠢᠳᠤᠷᠠᠯ ᠨᠢ ᠪᠣᠳᠠᠷᠠᠨ ᠰᠠᠷᠨᠢᠵᠤ ᠂ ᠵᠣᠪᠠᠯᠠᠩ ᠤᠨ ᠲᠠᠯᠠᠢ ᠳᠤ ᠱᠣᠩᠪᠠᠵᠤ ᠯᠠ ᠪᠠᠢᠯ᠎ᠠ ᠁
ᠶᠠᠭ ᠢᠩᠭᠢᠵᠦ ᠯᠠ ᠲᠡᠯᠡᠬᠡᠢ ᠶᠢᠨ ᠦᠨᠳᠦᠰᠦᠳᠡᠨ ᠦ ᠡᠷᠡᠭᠦᠯ ᠡᠩᠬᠡ ᠶᠢᠨ ᠵᠠᠮ ᠳᠤ ᠡᠯᠡᠰᠦᠨ ᠰᠢᠭᠤᠷᠭ᠎ᠠ ᠪᠣᠰᠴᠤ ᠂ ᠡᠯᠡᠷᠳᠡᠨ ᠪᠠᠯᠠᠷᠳᠠᠵᠤ ᠡᠬᠢᠯᠡᠭᠰᠡᠨ ᠵᠠᠩᠭᠢᠯᠠᠭ᠎ᠠ ᠶᠢᠨ ᠴᠠᠭ ᠮᠦᠴᠡ ᠳᠦ ᠡᠯᠢᠭᠡᠨ ᠨᠤᠳᠤᠭ ᠦᠪᠦᠷ ᠮᠤᠨᠭᠭᠤᠯ ᠠᠴᠠ ᠨᠢᠭᠡᠨ ᠠᠯᠳᠠᠷᠳᠦ ᠣᠲᠠᠴᠢ ︱ ᠠᠪᠤᠷᠠᠭᠴᠢ ᠣᠳᠤᠨ ᠮᠠᠨᠳᠤᠨ ᠭᠠᠷᠤᠯ᠎ᠠ ᠃ ᠣᠲᠠᠴᠢ ᠭᠣᠸᠠᠢ ᠮᠢᠨᠢ ᠠᠷᠠᠳ ᠤᠯᠠᠨ ᠢᠶᠠᠨ ᠠᠪᠣᠷᠠᠨ ᠲᠤᠰᠠᠯᠠᠬᠤ ᠪᠠᠷ ᠠᠪᠤᠷᠭᠤ ᠬᠣᠣᠰ ᠬᠣᠪᠢᠯᠭᠠᠨ ᠭᠠᠷ ᠲᠠᠢ ᠲᠦᠷᠦᠭᠰᠡᠨ ᠪᠠᠢᠵᠠᠢ ᠃ ᠲᠡᠷᠡ ᠮᠠᠨᠢ ᠂ ᠨᠢᠭᠡ ᠭᠠᠷ ᠢᠶᠠᠷ ᠢᠶᠠᠨ ᠳᠡᠯᠡᠬᠡᠶ ᠳᠦ ᠶᠡᠷᠦ ᠭᠠᠷᠣᠭ᠎ᠠ ᠦᠭᠡᠢ ᠬᠠᠮᠤᠭ ᠲᠦᠷᠦᠭᠦᠨ ᠦ ᠠᠨᠠᠭᠠᠬᠤ ᠤᠬᠠᠭᠠᠨ ᠤ ᠭᠠᠢᠬᠠᠮᠰᠢᠭᠳᠣ ᠰᠢᠨ᠎ᠡ ᠡᠭᠦᠳᠦᠯᠲᠡ ᠶᠢᠨ ᠰᠤᠳᠠᠰᠤ ᠶᠢ ᠯᠣᠭᠰᠢᠭᠣᠯᠵᠤ ᠂ ᠨᠢᠭᠡ ᠭᠠᠷ ᠢᠶᠠᠷ ᠢᠶᠠᠨ ᠳᠤᠮᠳᠠᠳᠤ ᠶᠢᠨ ᠦᠨᠳᠦᠰᠦᠲᠡᠨ ᠦ ᠬᠡᠳᠦᠨ ᠮᠢᠩᠭᠠᠨ ᠵᠢᠯ ᠦᠨ ᠠᠨᠠᠭᠠᠬᠤ ᠤᠬᠠᠭᠠᠨ ᠤ ᠰᠣᠶᠣᠯ ᠤᠨ ᠦᠨᠳᠦᠰᠦ ᠰᠤᠷᠪᠤᠯᠵᠢ ᠶᠢ ᠤᠯᠠᠮᠵᠢᠯᠠᠨ ᠵᠠᠯᠭᠠᠮᠵᠢᠯᠠᠵᠤ ᠂ ᠲᠣᠭ᠎ᠠ ᠲᠣᠮᠰᠢ ᠦᠭᠡᠢ ᠣᠯᠠᠨ ᠡᠪᠡᠳᠴᠢᠨ ᠡᠮᠭᠡᠭ ᠦᠨ ᠬᠦᠴᠢᠷ ᠵᠣᠪᠠᠯᠠᠩ ᠢ ᠠᠷᠢᠯᠭᠠᠬᠤ ᠶᠢᠨ ᠲᠥᠯᠥᠭᠡ ᠂ ᠲᠦᠮᠡᠨ ᠣᠯᠠᠨ ᠦ ᠡᠷᠡᠭᠦᠯ ᠮᠡᠨᠳᠦ ᠶᠢᠨ ᠲᠦᠷᠭᠡᠨ ᠳᠠᠷᠤᠪᠴᠢ ᠶᠢ ᠪᠦᠲᠦᠭᠡᠯᠴᠢ ᠪᠡᠷ ᠳᠠᠷᠤᠨ ᠨᠡᠭᠡᠭᠡᠪᠡ ᠃ ᠬᠥᠮᠦᠨ ᠲᠥᠷᠥᠯᠬᠢᠲᠡᠨ ᠳᠦ ᠡᠷᠡᠭᠦᠯ ᠮᠡᠨᠳᠦ ᠠᠮᠤᠷ ᠲᠦᠪᠰᠢᠨ ᠪᠠᠶᠠᠷ ᠪᠠᠶᠠᠰᠤᠯ ᠲᠠᠶ ᠰᠢᠨ᠎ᠡ ᠠᠨᠠᠭᠠᠬᠤ ᠤᠬᠠᠭᠠᠨ ᠢ ᠡᠭᠦᠳᠦᠨ ᠥᠭᠴᠦ ᠂ ᠢᠴᠢᠭᠦᠷᠢ ᠰᠣᠨᠵᠢᠭᠤᠷᠢ ᠦᠭᠡᠶ ᠭᠦᠳᠬᠡᠯ ᠪᠠ ᠡᠭᠡᠯ ᠬᠠᠷᠠᠴᠤ ᠶᠢᠨ ᠬᠡᠯᠪᠡᠶᠢᠭᠦᠦ ᠦᠵᠡᠯᠲᠡ ᠳᠦ ᠬᠦᠯᠢᠶᠡᠰᠦᠯᠡᠭᠳᠡᠭᠰᠡᠨ ᠴᠦ ᠂ ᠵᠣᠷᠢᠭ ᠮᠣᠬᠤᠰᠢ ᠦᠭᠡᠢ ᠰᠢᠷᠭᠠᠭᠣ ᠬᠠᠳᠠᠭᠤᠵᠢᠯᠲᠠᠢ ᠲᠡᠮᠡᠴᠡᠨ ᠵᠢᠳᠭᠦᠭᠰᠡᠭᠡᠷ ᠢᠷᠡᠪᠡ ᠃ ᠰᠢᠨᠵᠢᠯᠡᠬᠦ ᠣᠬᠠᠭᠠᠨᠴᠢ ᠰᠢᠨ᠎ᠡ ᠠᠨᠠᠭᠠᠬᠤ ᠤᠬᠠᠭᠠᠨ ᠤ ᠣᠨᠣᠯ ᠤᠨ ᠰᠢᠰᠲ᠋ᠧᠮ ᠢ ᠡᠭᠦᠳᠦᠨ ᠪᠠᠶᠢᠭᠤᠯᠵᠤ ᠂ ᠲᠡᠭᠦᠯᠳᠡᠭᠦᠷᠵᠢᠭᠦᠯᠦᠨ ᠲᠡᠮᠳᠡᠭᠯᠡᠪᠡ ᠃ ᠬᠡᠳᠦᠶᠢᠪᠡᠷ ᠮᠡᠰᠡ ᠵᠠᠰᠠᠯ ᠤᠨ ᠬᠢᠲᠤᠭ᠎ᠠ ᠪᠠᠷ ᠡᠪᠡᠳᠴᠢᠲᠡᠨ ᠦ ᠪᠡᠶ᠎ᠡ ᠶᠢᠨ ᠶᠠᠷ᠎ᠠ ᠰᠢᠷᠬ᠎ᠠ ᠶᠢ ᠣᠭᠲᠣᠯᠤᠭᠰᠠᠨ ᠦᠭᠡᠶ ᠪᠣᠯᠪᠠᠴᠤ ᠲᠣᠭᠠᠯᠠᠭᠠᠳ ᠪᠠᠷᠠᠰᠢ ᠦᠭᠡᠢ ᠮᠧᠬᠠᠨᠢᠭ ᠬᠡᠮᠵᠢᠭᠦᠷᠯᠢᠭ᠂ ᠬᠢᠮᠢ ᠶᠢᠨ ᠡᠮ ᠢ ᠬᠡᠷᠡᠭᠯᠡᠭᠰᠡᠨ ᠦᠭᠡᠢ ᠃ ᠲᠡᠷᠡ ᠬᠠᠷᠢᠨ ᠪᠡᠶ᠎ᠡ ᠰᠡᠳᠭᠢᠴᠡ ᠶᠢ ᠤᠶᠠᠯᠳᠣᠭᠤᠯᠤᠨ ᠬᠠᠮᠲᠤ ᠪᠠᠷ ᠵᠠᠰᠠᠬᠣ ᠣᠳᠣ ᠦᠶ᠎ᠡ ᠶᠢᠨ ᠠᠨᠠᠭᠠᠬᠤ ᠤᠬᠠᠭᠠᠨ ᠤ ᠴᠣ ᠰᠢᠨ᠎ᠡ ᠠᠩᠬᠠᠨ ᠤ ᠵᠠᠮ ᠢ ᠨᠡᠭᠡᠭᠡᠵᠦ ᠂ ᠡᠪᠡᠳᠴᠢᠨ ᠡᠴᠡ ᠪᠣᠯᠵᠤ ᠶᠠᠳᠠᠭᠤᠷᠠᠨ ᠬᠣᠭᠣᠰᠣᠷᠠᠬᠤ ᠬᠦᠨᠳᠦ ᠨᠦᠰᠡᠷ ᠭᠠᠪ ᠭᠢᠨᠵᠢ ᠶᠢ ᠲᠤᠶᠢᠯᠪᠤᠷᠢᠲᠠᠶ ᠪᠠᠯᠪᠠᠴᠢᠪᠠ ᠃ ᠤᠬᠢᠯᠠᠨ ᠴᠡᠴᠡᠷᠡᠵᠦ ᠪᠠᠢᠭᠰᠠᠨ ᠲᠠᠯᠤ ᠮᠥᠷᠥ ᠨᠦᠭᠦᠳ ᠢ ᠬᠡᠴᠢᠨᠡᠨ ᠣᠯᠠᠨ ᠤᠳᠠᠭ᠎ᠠ ᠢᠯᠪᠢᠨ ᠲᠠᠢᠢ᠌ᠳᠬᠤᠷᠠᠭᠤᠯᠵᠤ ᠪᠠᠢᠢ᠌ᠭᠰᠠᠨ ᠢ ᠪᠤᠣ ᠮᠡᠳᠡ ᠂ ᠲᠣᠭ᠎ᠠ ᠲᠣᠮᠰᠢ ᠦᠭᠡᠢ ᠵᠣᠪᠠᠭᠤᠷᠢ ᠵᠦᠳᠡᠭᠦᠷᠢ ᠲᠡᠶ ᠭᠣᠨᠢᠭ ᠵᠣᠪᠠᠯᠠᠩᠳᠤ ᠬᠦᠮᠦᠰ ᠦᠨ ᠪᠡᠶ᠎ᠡ ᠰᠡᠳᠭᠢᠯ ᠨᠢ ᠲᠡᠭᠦᠨ ᠦ ᠭᠠᠷ ᠠᠴᠠ ᠵᠤᠯ ᠵᠢᠷᠭᠠᠯ ᠂ ᠪᠠᠶᠠᠷ ᠪᠠᠶᠠᠰᠬᠤᠯᠠᠩ ᠢ ᠬᠦᠷᠳᠡᠵᠦ ᠬᠣᠪᠢᠷᠠᠨ ᠦᠭᠡᠷᠡᠴᠢᠯᠡᠭᠳᠡᠭᠰᠡᠨ ᠢ ᠪᠤᠳᠠᠳᠤ ᠦᠢᠯᠡᠳᠦᠯᠭᠡ ᠨᠢᠭᠡᠨᠲᠡ ᠶᠠᠭᠠᠬᠢᠬᠤ ᠶᠢᠨ ᠠᠷᠭ᠎ᠠ ᠦᠭᠡᠢ ᠭᠡᠷᠡᠴᠢᠯᠡᠪᠡ᠃ ᠭᠡᠬᠦ ᠳᠦ ᠪᠡᠨ ᠡᠳ᠋ ᠮᠦᠩᠭᠦᠨ ᠦ ᠲᠦᠯᠥᠭᠡ ᠦᠴᠦᠬᠡᠨ ᠬᠦᠭᠡᠭᠡᠴᠡᠯᠳᠡᠭᠡ ᠦᠭᠡᠢ ᠂ ᠬᠠᠷᠢᠨ ᠦᠷᠭᠡᠨ ᠤᠯᠠᠨ ᠳᠤ ᠪᠠᠨ ᠡᠩᠬᠡ ᠠᠮᠣᠭᠣᠯᠠᠨᠩ ᠵᠤᠯ ᠵᠢᠷᠭᠠᠯ ᠡᠳ᠋ᠯᠡᠭᠦᠯᠬᠦ ᠭᠠᠭᠴᠠ ᠰᠡᠳᠭᠢᠯ ᠢᠶᠡᠷ ᠭᠡᠷ ᠢᠶᠡᠷ ᠢᠶᠡᠨ ᠭᠠᠷ ᠭᠠᠷ ᠢᠶᠠᠨ ᠬᠣᠯᠪᠣᠯᠴᠠᠨ ᠨᠡᠢᠭᠡᠮ ᠨᠡᠢᠳᠡ ᠠᠷᠠᠳ ᠣᠯᠠᠨ ᠤ ᠲᠦᠯᠥᠭᠡ ᠮᠠᠰᠢ ᠣᠯᠠᠨ 《 ᠵᠣᠯ ᠵᠢᠷᠭᠠᠯᠲᠣ ᠭᠡᠷ ᠪᠦᠯᠢ 》 ᠶᠢ ᠲᠠᠬᠢᠨ ᠪᠠᠶᠢᠭᠤᠯᠤᠨ ᠦᠭᠭᠦᠭᠡᠳ ᠬᠠᠯᠠᠭᠤᠨ ᠨᠢᠯᠪᠤᠰᠤ ᠶᠢ ᠨᠢ ᠪᠦᠮᠪᠦᠷᠢᠭᠦᠯᠵᠦ᠂ ᠬᠠᠢᠷ᠎ᠠ ᠲᠠᠯᠠᠷᠬᠠᠯ ᠢ ᠨᠢ ᠬᠦᠷᠲᠡᠨ ᠬᠠᠯᠭᠤᠨ ᠠᠯᠠᠭ᠎ᠠ ᠪᠠᠷ ᠢᠶᠠᠨ ᠪᠦᠪᠡᠢᠯᠡᠵᠦ ᠯᠠ ᠶᠠᠪᠤᠯ᠎ᠠ ︕ ᠲᠡᠭᠦᠨ ᠦ ᠬᠥᠮᠦᠨ ᠲᠥᠷᠥᠯᠬᠢᠲᠡᠨ ᠦ ᠦᠨᠡᠨᠴᠢ ᠰᠡᠳᠬᠢᠯᠭᠡ ᠶᠢᠨ ᠶᠡᠬᠡ ᠬᠠᠶᠢᠷ᠎ᠠ ᠪᠠᠷ ᠢᠶᠡᠨ ᠦᠷᠭᠡᠨ ᠤᠯᠠᠨ ᠶᠠᠳᠠᠭᠤ ᠵᠦᠳᠡᠭᠦᠦ ᠭᠡᠷ ᠪᠦᠯᠢ ᠶᠢ ᠦᠷᠦᠰᠢᠶᠡᠨ ᠲᠤᠯᠠᠭᠠᠴᠠᠭᠤᠯᠤᠭᠰᠠᠨ ᠢ ᠬᠥᠬᠡ ᠲᠡᠭᠷᠢ ᠮᠡᠳᠡᠷᠡᠵᠦ ᠬᠦᠪᠴᠢᠨ ᠲᠡᠯᠡᠬᠡᠢ ᠤᠢᠯᠠᠭᠠᠪᠠᠯ ᠵᠦᠢᠲᠠᠢ ᠶᠤᠮ᠃ ᠨᠢᠭᠡ ᠡᠳᠦᠷ ᠲᠦ ᠲᠦᠮᠡ ᠭᠠᠷᠤᠶ ᠬᠥᠮᠦᠨ ᠤᠳᠠᠭ᠎ᠠ ᠣᠨᠣᠰᠢᠯᠠᠨ ᠵᠠᠰᠠᠭᠰᠠᠨ ᠠᠨᠠᠭᠠᠬᠤ ᠤᠬᠠᠭᠠᠨ ᠤ ᠲᠡᠮᠳᠡᠭᠯᠡᠯ ᠢ ᠡᠭᠦᠳᠦᠭᠰᠡᠨ ᠢᠶᠡᠷ ᠪᠠᠷᠠᠬᠤ ᠦᠭᠡᠶ ᠂ ᠣᠯᠠᠨ ᠵᠦᠢᠯ ᠦᠨ ᠡᠪᠡᠳᠴᠢᠨ ᠢ ᠬᠠᠮᠲᠣ ᠳᠤ ᠨᠢ ᠵᠠᠰᠠᠬᠤ ᠭᠠᠶᠢᠬᠠᠮᠰᠢᠭᠲᠤ ᠦᠵᠡᠭᠳᠡᠯ ᠢ ᠪᠠᠳᠠᠷᠠᠭᠣᠯᠵᠣ ᠂ ᠲᠣᠭ᠎ᠠ ᠲᠣᠮᠰᠢ ᠦᠭᠡᠶ ᠣᠯᠠᠨ ᠬᠦᠴᠢᠷ ᠲᠦᠪᠡᠭ ᠲᠡᠶ ᠡᠪᠡᠳᠴᠢᠨ ᠦ ᠠᠶᠠᠨᠳᠠᠭᠠᠨ ᠢᠯᠡᠷᠢᠰᠢᠬᠦ ᠠᠨᠠᠭᠠᠬᠤ ᠤᠬᠠᠭᠠᠨ ᠤ ᠭᠠᠶᠢᠬᠠᠮᠰᠢᠭ ᠢ ᠬᠦᠭᠵᠢᠭᠦᠯᠦᠨ ᠴᠡᠴᠡᠭᠯᠡᠭᠦᠯᠵᠦ ᠂ᠨᠡᠩ ᠴᠤ ᠭᠠᠳᠠᠭᠠᠲᠣ ᠳᠤ ᠭᠠᠷᠤᠭᠰᠠᠳ ᠤᠨ ᠦᠵᠡᠯ ᠰᠠᠨᠠᠭ᠎ᠠ ᠶᠣᠰᠣ ᠮᠣᠷᠠᠯ ᠤᠨ ᠬᠥᠮᠦᠵᠢᠯ ᠪᠣᠯᠤᠨ ᠰᠦᠭ ᠰᠦᠨᠡᠰᠦ ᠶᠢ ᠴᠡᠪᠡᠷᠰᠢᠭᠦᠯᠬᠦ ᠥᠨᠳᠥᠷᠯᠢᠭ ᠭᠠᠵᠠᠷ ᠢ ᠴᠣᠭᠴᠠᠯᠠᠨ ᠪᠠᠶᠢᠭᠤᠯᠵᠤ ᠂ ᠳᠤᠮᠳᠠᠳᠤ ᠶᠢᠨ ᠦᠨᠳᠦᠰᠦᠲᠡᠨ ᠦ ᠠᠨᠠᠭᠠᠬᠤ ᠤᠬᠠᠭᠠᠨ ᠤ ᠰᠣᠶᠣᠯ ᠤᠨ ᠦᠨᠡᠲᠦ ᠡᠷᠳᠡᠨᠢ ᠶᠢ ᠳᠡᠯᠡᠬᠡᠶ ᠶᠢᠨ ᠠᠨᠠᠭᠠᠬᠤ ᠤᠬᠠᠭᠠᠨ ᠤ ᠲᠣᠷᠣᠨᠠᠳᠤ ᠶᠢᠨ ᠨᠣᠶᠠᠨ ᠤᠷᠬᠢᠯ ᠳᠤ ᠲᠣᠯᠠᠯᠵᠠᠭᠣᠯᠤᠨ ᠮᠠᠨᠳᠣᠭᠤᠯᠪᠠ᠃ ᠤᠯᠤᠰ ᠂ ᠪᠣᠯᠤᠨ ᠥᠪᠡᠷᠲᠡᠭᠡᠨ ᠵᠠᠰᠠᠬᠤ ᠣᠷᠣᠨ ᠠᠴᠠ ᠢᠷᠠᠭᠤ ᠠᠯᠳᠠᠷ ᠤᠨ ᠦᠨᠡᠮᠯᠡᠯ ᠢ ᠡᠷᠭᠦᠭᠰᠡᠨ ᠴᠦ ᠦᠴᠦᠬᠡᠨ ᠣᠮᠤᠷᠬᠠᠬᠤ ᠦᠭᠡᠢ ᠪᠡᠷ ᠤᠯᠤᠰ ᠤᠨ ᠳᠣᠲᠣᠭᠠᠳᠤ ᠶᠢᠨ ︽ᠠᠵᠠᠲᠠᠢ︾ ᠶᠠᠷᠢᠶᠠᠨ ᠤ ᠲᠠᠪᠴᠠᠩ ᠤᠨ ᠢᠶᠡᠨ ᠭᠣᠶᠢᠳᠠ ᠰᠠᠶᠢᠬᠠᠨ ᠶᠠᠷᠢᠶ᠎ᠠ ᠢᠯᠡᠳᠬᠡᠯ ᠳᠦ ᠪᠡᠶ᠎ᠡ ᠰᠡᠳᠬᠢᠯ ᠦᠨ ᠦᠢᠯᠡᠳᠦᠯᠭᠡ ᠪᠡᠨ ᠦᠢᠯᠡᠳᠦᠯᠭᠡᠵᠢᠭᠦᠯᠵᠦ ᠂ᠣᠯᠠᠨ ᠤᠯᠤᠰ ᠤᠨ ᠬᠣᠯᠪᠣᠭᠠᠲᠤ ᠪᠠᠶᠢᠭᠤᠯᠤᠯᠭ᠎ᠠ ᠶᠢᠨ ᠶᠠᠷᠢᠶᠠᠨ ᠤ ᠲᠠᠪᠴᠠᠩ ᠳᠡᠭᠡᠷ᠎ᠡ ᠳᠤᠮᠳᠠᠳᠤ ᠶᠢᠨ ᠦᠨᠳᠦᠰᠦᠲᠡᠨ ᠦ ᠣᠮᠣᠭᠰᠢᠯ ᠢ ᠬᠥᠪᠴᠢᠯᠡᠬᠦ ᠪᠡᠷ ᠦᠯᠦ ᠪᠠᠷᠠᠨ ᠂ ᠲᠡᠷᠡ ᠪᠠᠰᠠ ᠦᠷᠬᠦᠯᠵᠢ ᠥᠷᠭᠡᠨ ᠤᠯᠠᠨ ᠠᠷᠠᠳ ᠲᠦᠮᠡᠨ ᠢ ᠨᠡᠩ ᠢᠯᠡᠭᠦᠦ ᠵᠣᠯ ᠵᠢᠷᠭᠠᠯ ᠲᠠᠶ ᠠᠮᠢᠳᠤᠷᠠᠭᠤᠯᠬᠤ ᠶᠢ ᠪᠤᠳᠤᠨ ᠰᠠᠨᠠᠭᠠᠴᠢᠯᠠᠵᠤ ᠂ ᠡᠯ᠎ᠡ ᠭᠠᠵᠠᠷ ᠤᠨ ᠠᠷᠠᠳ ᠲᠦᠮᠡᠨ ᠳᠦ ᠠᠰᠢᠭ ᠲᠤᠰᠠ ᠬᠦᠷᠲᠡᠭᠡᠭᠰᠡᠨ《 ᠠᠵᠠᠲᠠᠶ 》 ᠰᠠᠭᠤᠷᠢᠨ ᠭᠠᠵᠠᠷ ᠤᠨ ᠪᠠᠶᠢᠭᠤᠯᠤᠮᠵᠢ ᠨᠤᠭᠤᠳ ᠢ ᠡᠭᠦᠳᠦᠨ ᠪᠠᠶᠢᠭᠤᠯᠵᠤ ᠂ ᠨᠢᠭᠡᠨ ᠡᠪ ᠬᠠᠮᠲᠤ ᠨᠠᠮ ᠤᠨ ᠭᠡᠰᠢᠭᠦᠨ ᠦ ᠬᠣᠪᠢ ᠠᠴᠠ ᠨᠢᠭᠡ ᠰᠡᠳᠬᠢᠯ ᠨᠢᠭᠡ ᠵᠣᠷᠢᠭ ᠢᠶᠡᠷ ᠠᠷᠠᠳ ᠲᠦᠮᠡᠨ ᠳᠦ ᠦᠢᠯᠡᠴᠢᠯᠡᠳᠡᠭ ᠤᠭ ᠰᠠᠨᠠᠭ᠎ᠠ ᠪᠠᠨ ᠪᠠᠳᠤ ᠴᠢᠩᠭ᠎ᠠ ᠪᠠᠷᠢᠮᠲᠠᠯᠠᠬᠣ ᠶᠢ ᠦᠢᠯᠡᠳᠦᠯᠭᠡᠵᠢᠭᠦᠯᠵᠦ ᠂ᠣᠯᠠᠨ ᠨᠡᠢᠳᠡ ᠶᠢᠨ ᠬᠠᠢᠷ᠎ᠠ ᠬᠦᠨᠳᠦᠳᠭᠡᠯ ᠂ ᠢᠲᠡᠭᠡᠯ ᠪᠢᠰᠢᠷᠡᠯ ᠢ ᠣᠯᠤᠭᠰᠠᠨ ᠢᠷᠠᠭᠣ ᠠᠯᠳᠠᠷ ᠨᠢ ᠣᠷᠴᠢᠯᠠᠩ ᠲᠡᠯᠡᠬᠡᠢ ᠶᠢᠨ ᠣᠳᠤᠨ ᠮᠡᠳᠦ ᠭᠢᠯᠠᠯᠵᠠᠨ ᠰᠠᠴᠣᠷᠠᠵᠤ ᠢᠷᠡᠯ᠎ᠡ ᠃ ᠲᠡᠷᠡ ᠪᠣᠯ ᠨᠡᠬᠡᠷᠡᠨ ᠨᠡᠢᠢᠳᠡ ᠣᠯᠠᠨ ᠤ ᠪᠠᠨ ᠵᠣᠪᠠᠯᠠᠩ ᠢ ᠨᠢᠮᠬᠡᠷᠡᠭᠦᠯᠦᠨ ᠨᠠᠰᠣ ᠶᠢ ᠤᠷᠳᠤᠳᠬᠬᠤ ᠪᠣᠶᠠᠨ ᠤ ᠦᠢᠯᠡ ᠶᠢ ᠡᠷᠬᠢᠯᠡᠵᠦ ᠶᠠᠪᠣᠭ᠎ᠠ ᠡᠷᠳᠡᠮᠲᠡᠨ ᠬᠦᠮᠦᠨ ᠮᠦᠨ ᠃ ᠰᠢᠯᠢᠳᠡᠭ ᠰᠢᠨᠵᠢᠯᠡᠬᠦ ᠤᠬᠠᠭᠠᠨᠳᠠᠨ ᠮᠦᠨ ᠃ ᠦᠨᠳᠦᠰᠦᠳᠡᠨ ᠦ ᠰᠣᠶᠣᠯ ᠢᠶᠠᠨ ᠣᠯᠠᠮᠵᠢᠯᠠᠨ ᠬᠦᠭᠵᠢᠭᠦᠯᠦᠭᠴᠢ ᠬᠦᠬᠡ ᠮᠣᠩᠭᠤᠯ ᠤᠨ ᠣᠳᠤᠮ ᠰᠣᠳᠤᠷᠳᠤ ᠬᠣᠢᠢᠴᠢᠰ ᠮᠥᠨ ᠃ ᠬᠦᠮᠦᠨ ᠲᠦᠷᠦᠯᠬᠢᠳᠡᠨ ᠦ ᠢᠳᠡᠭᠡᠯ ᠪᠢᠰᠢᠷᠡᠯ ᠦᠨ ᠰᠢᠲᠦᠭᠡᠨ ᠮᠦᠨ ᠃ᠠᠷᠠᠳ ᠲᠦᠮᠡᠨ ᠦ ᠠᠪᠣᠷᠠᠭᠴᠢ ᠣᠳᠤᠨ ᠂ ᠣᠯᠤᠰ ᠭᠡᠷ ᠦᠨ ᠭᠠᠪᠢᠶ᠎ᠠ ᠵᠢᠳᠭᠦᠯᠳᠡᠨ ᠮᠦᠨ
ᠡᠨᠡ ᠬᠦᠮᠦᠨ ᠪᠣᠯ ᠲᠠᠷᠣᠢ ᠣᠳᠠᠴᠢ ᠨᠠᠭᠤᠨᠪᠢᠯᠢᠭ᠌ ᠮᠦᠨ ᠃ ᠵᠢᠩᠬᠢᠨᠢ ᠠᠷᠠᠳ ᠤᠨ ᠡᠮᠴᠢ ᠮᠥᠨ ︕
2
0