ᠬᠦᠳᠡᠭᠡ ᠨᠤᠳᠤᠭ ᠲᠤ ᠪᠠᠨ ᠬᠠᠷᠢᠭᠰᠠᠨ ᠨᠢ
ᠬᠣᠯᠠ ᠶᠢᠨ ᠵᠡᠷᠭᠡᠯᠭᠡᠨ ᠵᠢᠷᠪᠢᠯᠵᠡᠨᠡ
ᠬᠣᠯᠠᠩ ᠤᠨ ᠤᠳᠤᠭ᠎ᠠ ᠪᠣᠷᠭᠢᠯᠤᠨᠠ
ᠭᠣᠪᠢ ᠪᠠᠨ ᠡᠷᠭᠢᠭᠡᠳ ᠮᠠᠰᠢᠨ ᠤᠳ ᠲᠠᠪᠬᠢᠯᠳᠤᠨᠠ
ᠭᠣᠤᠯ ᠢᠶᠠᠨ ᠲᠠᠭᠠᠭᠠᠳ ᠠᠳᠤᠭᠤᠳ ᠪᠡᠯᠴᠢᠨ᠎ᠡ ︕
277
2025-02-27 16:04
发表于:内蒙古
ᠬᠦᠳᠡᠭᠡ ᠨᠤᠳᠤᠭ ᠲᠤ ᠪᠠᠨ ᠬᠠᠷᠢᠭᠰᠠᠨ ᠨᠢ
ᠪ ᠂ ᠠᠯᠳᠠᠨᠪᠠᠭᠠᠨ᠎ᠠ
ᠬᠣᠯᠠ ᠶᠢᠨ ᠵᠡᠷᠭᠡᠯᠭᠡᠨ ᠵᠢᠷᠪᠢᠯᠵᠡᠨᠡ
ᠬᠣᠯᠠᠩ ᠤᠨ ᠤᠳᠤᠭ᠎ᠠ ᠪᠣᠷᠭᠢᠯᠤᠨᠠ
ᠭᠣᠪᠢ ᠪᠠᠨ ᠡᠷᠭᠢᠭᠡᠳ ᠮᠠᠰᠢᠨ ᠤᠳ ᠲᠠᠪᠬᠢᠯᠳᠤᠨᠠ
ᠭᠣᠤᠯ ᠢᠶᠠᠨ ᠲᠠᠭᠠᠭᠠᠳ ᠠᠳᠤᠭᠤᠳ ᠪᠡᠯᠴᠢᠨ᠎ᠡ ︕
ᠰᠠᠷᠠᠭᠤᠯ ᠵᠠᠮ ᠤᠳ ᠨᠢ ᠴᠠᠷᠳᠠᠭᠳᠠᠨ ᠤᠷᠳᠤᠯᠵᠠᠨᠠ
ᠰᠡᠢᠷᠡᠭ ᠠᠰᠠᠷ ᠤᠳᠨᠢ ᠰᠦᠨᠳᠡᠷᠯᠡᠨ ᠪᠣᠰᠤᠯᠴᠠᠨᠠ
ᠰᠤᠷᠭᠠᠭᠤᠯᠢ ᠶᠢ ᠲᠣᠭᠤᠷᠢᠭᠠᠳ ᠬᠡᠤᠬᠡᠳ ᠭᠦᠶᠦᠯᠳᠦᠨ᠎ᠡ
ᠰᠤᠳᠠᠭ ᠢ ᠡᠷᠭᠢᠴᠡᠭᠡᠳ ᠲᠤᠭᠤᠯ ᠤᠳ ᠲᠣᠭᠯᠠᠨ᠎ᠠ
ᠠᠶ᠎ᠠ ᠬᠦᠭᠡᠷᠦᠬᠦᠢ ᠂ ᠬᠦᠳᠡᠭᠡ ᠮᠢᠨᠢ ︱ ᠦᠯᠦᠭᠡᠢ ᠮᠢᠨᠢ
ᠠᠬᠢᠭᠠᠳ ᠪᠢ ᠢᠷᠡᠯ᠎ᠡ ᠂ ᠴᠢᠮᠠᠢ ᠪᠠᠨ ᠦᠨᠦᠰᠦᠶ᠎ᠡ ︕
ᠠᠮᠤᠷ ᠠᠮᠤᠭᠤᠯᠠᠩ ᠠᠮᠢᠳᠤᠷᠠᠯ ᠤᠨ ᠴᠢᠨᠢ ᠰᠠᠢᠬᠠᠨ ᠳᠤ
ᠠᠶᠣᠤᠯᠢᠬᠠᠢ ᠵᠢᠷᠦᠬᠡ ᠮᠢᠨᠢ ᠰᠠᠯᠵᠤ ᠪᠣᠯᠤᠰᠢ ᠦᠭᠡᠢ ᠲᠠᠰᠤᠯᠠ ᠃
ᠴᠠᠷᠠᠰᠤᠨ ᠤᠢ ᠶᠢᠨ ᠰᠠᠢᠬᠠᠨ ᠠᠭᠠᠷ
ᠴᠠᠢᠳᠠᠮ ᠪᠦᠷᠢᠳᠦ ᠶᠢᠨ ᠰᠠᠷᠠᠭᠤᠯ ᠬᠦᠨᠳᠡᠢ
ᠴᠢ ᠪᠢᠳᠡᠨ ᠳᠦ ᠲᠦᠢᠯ ᠦᠨ ᠲᠠᠭᠠᠳᠠᠢ ᠪᠠᠢᠳᠠᠭ ᠤᠨ
ᠴᠠᠭᠠᠨᠠᠬᠢ ᠤᠴᠢᠷ ᠨᠢ ᠴᠤᠬᠤᠮ ᠶᠠᠭᠤ ᠪᠢᠯᠡ ⁈
ᠠᠢᠯ ᠲᠣᠰᠬᠣᠨ ᠤ ᠪᠠᠨ ᠭᠤᠳᠤᠮᠵᠢ ᠪᠦᠬᠦᠨ ᠢᠶᠡᠷ
ᠣᠷᠴᠢᠨ ᠲᠣᠭᠤᠷᠢᠨ ᠤ ᠬᠢᠨ ᠭᠠᠵᠠᠷ ᠪᠦᠬᠦᠨ ᠢᠶᠡᠷ
ᠡᠳᠦᠷᠵᠢᠨ ᠰᠦᠨᠢᠵᠢᠨ ᠵᠤᠭᠠᠯᠠᠵᠤ ᠶᠠᠪᠤᠬᠤ ᠳᠤ ᠪᠠᠨ
ᠡᠯᠢᠭᠡ ᠵᠢᠷᠦᠬᠡ ᠮᠢᠨᠢ ᠲᠣᠭᠳᠤᠯᠠᠵᠤ ᠯᠠ ᠢᠷᠡᠯ᠎ᠡ᠃
ᠡᠷᠬᠡ ᠵᠢᠷᠭᠠᠯ ᠢᠶᠠᠷ ᠲᠦᠭᠦᠷᠡᠩ ᠪᠢᠯᠬᠠᠭᠰᠠᠨ
ᠡᠪᠯᠢᠭᠬᠡᠨ ᠲᠡᠷᠡᠬᠦ ᠴᠠᠭᠠᠬᠠᠨ ᠪᠠᠢᠰᠢᠩ ᠳᠤ
ᠡᠨᠡᠬᠡᠨ ᠨᠠᠰᠤᠨ ᠤ ᠠᠵᠢᠯ ᠮᠡᠷᠭᠡᠵᠢᠯ ᠢᠶᠡᠨ
ᠡᠬᠢᠯᠡᠭᠦᠯᠵᠦ ᠪᠢ ᠡᠨᠳᠡ ᠡᠴᠡ ᠭᠠᠷᠳᠠᠵᠤ ᠶᠠᠪᠤᠭᠰᠠᠨ ︕
ᠬᠦᠭᠡᠷᠦᠬᠦᠢ ᠬᠦᠳᠡᠭᠡ ᠨᠤᠳᠤᠭ ᠮᠢᠨᠢ ᠂ ᠦᠨᠦᠳᠦᠷ ᠴᠢ
ᠬᠣᠲᠠ ᠪᠠᠯᠭᠠᠰᠤ ᠪᠣᠯᠵᠤ ᠰᠦᠨᠳᠡᠷᠯᠡᠬᠦ ᠳᠦ ᠪᠡᠨ
ᠬᠦᠭᠵᠢᠯ ᠪᠠᠳᠠᠷᠠᠯ ᠢ ᠴᠢᠨᠢ ᠰᠢᠯᠦᠭᠯᠡᠵᠦ ᠡᠭᠡᠰᠢᠭᠯᠡᠭᠰᠡᠨ
ᠬᠦᠭᠡᠷᠦᠬᠦᠨ ᠦᠷ᠎ᠡ ᠨᠠᠮᠠᠢ ᠪᠠᠨ ᠪᠢᠲᠡᠬᠡᠢ ᠮᠠᠷᠳᠠᠭᠠᠷᠠᠢ ︕
ᠬᠡᠤᠬᠡᠨ ᠬᠠᠪᠤᠷ ᠢᠶᠠᠨ ᠮᠦᠷᠳᠡᠨ ᠲᠠᠭᠠᠵᠤ ᠬᠠᠷᠢᠵᠤ ᠢᠷᠡᠭᠡᠳ
ᠬᠦᠳᠡᠭᠡ ᠨᠤᠳᠤᠭ ᠲᠠᠢ ᠪᠠᠨ ᠠᠮᠢᠰᠬᠤᠯ ᠨᠢᠭᠡᠰᠴᠤ ᠠᠭᠤᠵᠢᠷᠠᠨ᠎ᠠ
ᠬᠠᠴᠠᠷ ᠤᠷᠤᠭᠤ ᠪᠦᠮᠪᠦᠷᠢᠬᠦ ᠨᠢᠯᠪᠦᠰᠦ ᠪᠡᠨ ᠠᠷᠴᠢᠭᠠᠳ
ᠬᠠᠯᠠᠭᠤᠨ ᠵᠢᠷᠦᠬᠡᠨ ᠦ ᠠᠭᠤᠯᠠ ᠲᠣᠯᠤᠭᠠᠳ ᠢᠶᠠᠨ ᠦᠨᠦᠰᠦᠨ᠎ᠡ
ᠠᠭᠤᠯᠠᠰ ᠤᠨ ᠴᠢᠨᠢ ᠴᠡᠩᠬᠡᠷ ᠲᠦ ᠠᠭᠤᠰᠴᠤ ᠶᠠᠪᠤᠯ᠎ᠠ
ᠤᠨᠢᠶᠠᠷ ᠤᠨ ᠴᠢᠨᠢ ᠭᠦᠨ ᠳᠦ ᠲᠣᠳᠤᠷᠠᠵᠤ ᠶᠠᠪᠤᠯ᠎ᠠ
ᠴᠡᠴᠡᠭ ᠦᠨ ᠴᠢᠨᠢ ᠦᠨᠦᠷ ᠲᠦ ᠰᠣᠭᠳᠤᠭᠤᠷᠠᠵᠤ ᠶᠠᠪᠤᠯ᠎ᠠ
ᠴᠡᠭᠡᠯᠬᠡᠨ ᠰᠢᠯᠦᠭᠯᠡᠵᠦ ᠴᠡᠩᠭᠡᠯ ᠣᠢᠳᠬᠠᠷ ᠢᠶᠠᠨ ᠦᠯᠡᠳᠡᠭᠡᠵᠦ ᠶᠠᠪᠤᠯ᠎ᠠ
ᠠᠶ᠎ᠠ ᠬᠦᠭᠡᠷᠦᠬᠦᠢ ︕ ᠬᠦᠳᠡᠭᠡ ᠮᠢᠨᠢ ᠦᠯᠦᠭᠡᠢ ᠮᠢᠨᠢ ︕
ᠡᠷᠭᠢᠵᠦ ᠴᠢᠮᠠᠢ ᠪᠠᠨ ᠦᠵᠡᠷ᠎ᠡ ᠢᠷᠡᠬᠦ ᠳᠦ ᠪᠡᠨ
ᠡᠳᠦᠷ ᠬᠣᠨᠤᠭ ᠤᠨ ᠬᠢᠵᠠᠭᠠᠷ ᠲᠠᠢ ᠶᠢ ᠶᠠᠭᠠᠬᠢᠶ᠎ᠠ
ᠠᠬᠢᠭᠠᠳ ᠴᠢᠮ᠎ᠠ ᠠᠴᠠ ᠪᠠᠨ ᠶᠠᠭᠠᠬᠢᠵᠤ ᠴᠤ ᠠᠶᠠᠷᠯᠠᠶᠠ ︕
1
0