ᠵᠢᠷᠦᠬᠡᠨ ᠡᠴᠡ ᠤᠶᠠᠭᠠᠳᠠᠢ ᠬᠦᠳᠡᠭᠡ ᠨᠤᠳᠤᠭ
ᠵᠢᠯ ᠪᠦᠷᠢ ᠶᠢᠨ ᠬᠠᠩᠰᠢ ᠦᠩᠭᠡᠷᠡᠵᠦ ᠂ ᠵᠤᠨ ᠣᠢᠷᠠᠲᠤᠭᠰᠠᠭᠠᠷ ᠂ ᠬᠠᠭᠠᠨ ᠬᠤᠷᠮᠤᠰᠲᠠ ᠠᠴᠠ ᠷᠠᠰᠢᠶᠠᠨ ᠬᠤᠷ᠎ᠠ ᠪᠠᠨ ᠠᠬᠢᠨ ᠲᠠᠬᠢᠨ ᠢᠪᠡᠭᠡᠬᠦ ᠳᠦ ᠬᠠᠨᠠᠭᠠᠷ ᠲᠡᠯᠡᠬᠡᠢ ᠶᠢᠨ ᠬᠦᠴᠦᠨ ᠨᠢ ᠰᠡᠷᠭᠦᠨ ᠂ ᠬᠡᠬᠦᠳᠡᠭ ᠨᠢ ᠲᠡᠨᠡᠢᠵᠦ ᠂ ᠬᠠᠯᠠᠭᠤᠨ ᠠᠮᠢᠰᠬᠤᠯᠳᠤ ᠠᠮᠢᠳᠠᠨ ᠪᠦᠬᠦᠨ ᠰᠢᠮᠡᠵᠢᠨ ᠪᠠᠶᠠᠰᠬᠤ ᠳᠤ ᠬᠦᠨᠳᠡᠢ ᠴᠡᠭᠡᠵᠢ ᠬᠦᠰᠡᠯ ᠪᠤᠳᠤᠯ ᠳᠤ ᠬᠦᠳᠡᠭᠡ ᠨᠤᠳᠤᠭ ᠮᠢᠨᠢ ᠶᠠᠭᠠᠬᠢᠬᠤ ᠶᠢᠨ ᠠᠷᠭ᠎ᠠ ᠦᠭᠡᠢ ᠦᠭᠡᠢᠯᠡᠭᠳᠡᠨ᠎ᠡ ᠁
234
2025-02-12 14:03
发表于:内蒙古
ᠵᠢᠷᠦᠬᠡᠨ ᠡᠴᠡ ᠤᠶᠠᠭᠠᠳᠠᠢ ᠬᠦᠳᠡᠭᠡ ᠨᠤᠳᠤᠭ
ᠪ ᠂ ᠠᠯᠲᠠᠨᠪᠠᠭᠠᠨ᠎ᠠ
ᠵᠢᠯ ᠪᠦᠷᠢ ᠶᠢᠨ ᠬᠠᠩᠰᠢ ᠦᠩᠭᠡᠷᠡᠵᠦ ᠂ ᠵᠤᠨ ᠣᠢᠷᠠᠲᠤᠭᠰᠠᠭᠠᠷ ᠂ ᠬᠠᠭᠠᠨ ᠬᠤᠷᠮᠤᠰᠲᠠ ᠠᠴᠠ ᠷᠠᠰᠢᠶᠠᠨ ᠬᠤᠷ᠎ᠠ ᠪᠠᠨ ᠠᠬᠢᠨ ᠲᠠᠬᠢᠨ ᠢᠪᠡᠭᠡᠬᠦ ᠳᠦ ᠬᠠᠨᠠᠭᠠᠷ ᠲᠡᠯᠡᠬᠡᠢ ᠶᠢᠨ ᠬᠦᠴᠦᠨ ᠨᠢ ᠰᠡᠷᠭᠦᠨ ᠂ ᠬᠡᠬᠦᠳᠡᠭ ᠨᠢ ᠲᠡᠨᠡᠢᠵᠦ ᠂ ᠬᠠᠯᠠᠭᠤᠨ ᠠᠮᠢᠰᠬᠤᠯᠳᠤ ᠠᠮᠢᠳᠠᠨ ᠪᠦᠬᠦᠨ ᠰᠢᠮᠡᠵᠢᠨ ᠪᠠᠶᠠᠰᠬᠤ ᠳᠤ ᠬᠦᠨᠳᠡᠢ ᠴᠡᠭᠡᠵᠢ ᠬᠦᠰᠡᠯ ᠪᠤᠳᠤᠯ ᠳᠤ ᠬᠦᠳᠡᠭᠡ ᠨᠤᠳᠤᠭ ᠮᠢᠨᠢ ᠶᠠᠭᠠᠬᠢᠬᠤ ᠶᠢᠨ ᠠᠷᠭ᠎ᠠ ᠦᠭᠡᠢ ᠦᠭᠡᠢᠯᠡᠭᠳᠡᠨ᠎ᠡ ᠁ ᠬᠤᠷ᠎ᠠ ᠶᠢ ᠨᠢ ᠰᠢᠮᠡᠳᠭᠡᠭᠰᠡᠨ ᠬᠦᠷᠦᠰᠦᠳᠦ ᠲᠡᠯᠡᠬᠡᠢ ᠬᠦᠮᠦᠨ ᠦ ᠬᠣᠷᠸ᠎ᠠ ᠳᠤ ᠬᠦᠭᠡᠷᠦᠬᠦᠨ ᠠᠮᠢᠯᠠᠯ ᠬᠦᠪᠦᠷᠡᠨ ᠰᠣᠶᠤᠭᠠᠯᠠᠬᠤ ᠶᠢᠨ ᠲᠡᠷᠡᠬᠦ ᠴᠠᠭ ᠮᠦᠴᠡ ᠡᠴᠡ ᠲᠦᠷᠦᠭᠰᠡᠨ ᠪᠡᠶ᠎ᠡ ᠮᠢᠨᠢ ᠬᠦᠳᠡᠭᠡ ᠨᠤᠳᠤᠭ ᠲᠠᠢ ᠪᠠᠨ ᠠᠮᠢ ᠨᠢᠭᠡᠰᠴᠤ ᠠᠮᠢᠰᠬᠤᠯ ᠬᠣᠯᠪᠤᠭᠰᠠᠨ ᠡ ︕ ᠨᠠᠷᠠᠰᠤᠨ ᠰᠠᠢᠬᠠᠨ ᠦᠯᠦᠭᠡᠢ ᠳᠦ ᠪᠡᠨ ᠨᠠᠢᠷᠰᠠᠭ ᠰᠡᠳᠭᠢᠯᠲᠦ ᠡᠵᠢ ᠪᠡᠷ ᠢᠶᠡᠨ ᠪᠦᠪᠡᠢᠯᠡᠭᠦᠯᠵᠦ ᠂ ᠨᠢᠷᠠᠢ ᠬᠦᠭᠡᠷᠦᠬᠦᠨ ᠬᠠᠷᠠᠴᠠ ᠪᠠᠷ ᠢᠶᠠᠨ ᠨᠠᠷᠮᠠᠢ ᠣᠯᠠᠨ ᠢ ᠪᠠᠶᠠᠰᠬᠠᠬᠤ ᠳᠤ ᠪᠠᠨ ᠤᠶᠠᠬᠠᠨ ᠬᠦᠳᠡᠭᠡ ᠭᠡᠭᠴᠢ ᠡᠢᠮᠦ ᠯᠠ ᠤᠷᠢᠬᠠᠨ ᠪᠠᠢᠬᠤ ᠡ ᠭᠡᠵᠦ ᠦᠨᠦᠰᠦᠨ ᠲᠠᠭᠠᠯᠠᠳᠠᠭ ᠶᠢᠷᠳᠢᠨᠴᠤ ᠲᠡᠯᠡᠬᠡᠢ ᠳᠦ ᠪᠡᠨ ᠢᠰᠭᠦᠴᠢᠨ ᠢᠰᠭᠦᠴᠢᠨ ᠶᠠᠷᠢᠳᠠᠭ ᠪᠠᠢᠯ᠎ᠠ ᠃ ᠡᠬᠡ ᠶᠢᠨ ᠬᠡᠪᠡᠯᠢ ᠡᠴᠡ ᠲᠠᠰᠤᠷᠠᠨ ᠤᠨᠠᠬᠤ ᠶᠢᠨ ᠲᠡᠷᠡ ᠴᠠᠭ ᠠᠴᠠ ᠡᠯᠢᠭᠡ ᠵᠢᠷᠦᠬᠡᠨ ᠡᠴᠡ ᠮᠢᠨᠢ ᠤᠶᠠᠭᠠᠳᠠᠢ ᠪᠠᠢᠭᠰᠠᠨ ᠤᠤ ︖ ᠡᠯᠢᠭᠡᠨ ᠬᠠᠢᠷᠠᠳᠠᠢ ᠬᠦᠳᠡᠭᠡ ᠨᠤᠳᠤᠭ ᠮᠢᠨᠢ ᠡ ︕
ᠪᠠᠯᠴᠢᠷ ᠪᠠᠭ᠎ᠠ ᠨᠠᠰᠤᠨ ᠳᠤ ᠂ ᠪᠤᠷᠭᠠᠰᠤᠨ ᠮᠣᠷᠢ ᠪᠠᠨ ᠪᠠᠷᠠᠭᠤᠨᠰᠢ ᠵᠡᠭᠦᠨᠰᠢ ᠨᠢᠰᠭᠡᠨ ᠪᠠᠢᠵᠤ ᠪᠣᠷᠤ ᠵᠠᠮ ᠪᠣᠯᠠᠭ ᠤᠨ ᠬᠠᠵᠠᠭᠤ ᠳᠤ ᠪᠦᠳᠦᠴᠢᠨ ᠣᠢᠴᠢᠬᠤ ᠳᠤ ︽ᠪᠦᠳᠦᠷᠢᠭᠡᠳ ᠤᠨᠠᠪᠠᠯ ᠪᠣᠰᠬᠤ ᠶᠤᠮ ᠰᠢᠦ ᠂ ᠪᠦᠬᠦᠢᠭᠡᠳ ᠴᠠᠰᠢ ᠭᠦᠶᠦᠬᠦ ᠶᠤᠮ ᠰᠢᠦ ︕ ︾ ᠭᠡᠵᠦ ᠬᠦᠳᠡᠭᠡ ᠨᠤᠳᠤᠭ ᠮᠢᠨᠢ ᠵᠢᠭᠠᠳᠠᠭ ᠪᠠᠢᠯ᠎ᠠ ᠃ ᠪᠣᠰᠣᠳ ᠤᠨ ᠡᠯᠡᠭ ᠲᠣᠭᠢᠭ ᠢᠨᠢᠶᠡᠳᠦᠮ ᠱᠣᠭ ᠪᠤᠯᠭᠠᠨ ᠵᠢᠭᠠᠨ ᠲᠣᠬᠢᠭᠰᠠᠨ ᠡᠳᠡᠭᠡᠳ ᠪᠣᠵᠠᠷ ᠪᠣᠯᠢᠬᠠᠢ ᠦᠭᠡᠰ ᠢ ᠨᠢ ᠠᠷᠤ ᠭᠡᠷ ᠲᠦ ᠪᠡᠨ ᠢᠨᠢᠶᠡᠳᠦᠮ ᠪᠣᠯᠭᠠᠨ ᠱᠣᠯᠤᠭᠠᠨᠠᠨ ᠪᠠᠢᠵᠤ ᠂ ᠠᠪᠤ ᠡᠵᠢ ᠪᠡᠷ ᠢᠶᠡᠨ ᠲᠦᠭᠦᠰᠢ ᠪᠡᠨ ᠮᠠᠳᠠᠤ ᠭᠠᠷᠲᠠᠯ᠎ᠠ ᠠᠯᠭᠠᠳᠠᠭᠤᠯᠬᠤ ᠳᠦ ᠪᠡᠨ ᠬᠢᠯᠢᠰᠳᠡᠭᠰᠡᠨ ᠨᠢᠳᠦ ᠲᠣᠳᠤᠢᠨ ᠬᠡᠷᠡᠭ ᠦᠨ ᠲᠠᠷᠠᠭ᠎ᠠ ᠂ ᠬᠦᠳᠡᠭᠡ ᠨᠤᠳᠤᠭ ᠬᠦᠨᠳᠡᠢ ᠲᠠᠯ᠎ᠠ ᠪᠠᠨ ᠴᠣᠤᠷᠢᠶᠠᠳᠣᠳᠠᠯᠠ ᠣᠬᠢᠯᠠᠬᠤ ᠳᠤ ︽ ᠪᠣᠷᠤᠭᠤ ᠪᠠᠨ ᠮᠡᠳᠡᠬᠦ ᠨᠢ ᠪᠣᠯᠪᠠᠰᠤᠨ ᠤ ᠦᠨᠳᠦᠰᠦ ᠰᠢᠦ ︕ ︾ ᠭᠡᠵᠦ
ᠬᠦᠳᠡᠭᠡ ᠨᠤᠳᠤᠭ ᠮᠢᠨᠢ ᠪᠠᠰᠠ ᠯᠠ ᠠᠷᠭᠠᠳᠠᠵᠤ ᠯᠠ ᠪᠠᠢᠭᠰᠠᠨ ᠃
ᠭᠡᠨᠡᠨ ᠴᠠᠢᠯᠭᠠᠨ ᠦᠶ᠎ᠡ ᠶᠢᠨ ᠰᠣᠨᠢᠭᠤᠴᠢ ᠰᠡᠳᠭᠢᠯ ᠳᠦ ᠲᠠᠲᠠᠭᠳᠠᠨ ᠂ ᠬᠡᠢ ᠮᠣᠷᠢ ᠶᠢ ᠬᠤᠷᠤᠢᠯᠠᠭᠰᠠᠨ ᠭᠡᠭᠡᠨ ᠰᠠᠷᠠᠭᠤᠯ
ᠬᠦᠳᠡᠭᠡ ᠶᠢᠨ ᠢᠶᠡᠨ ᠬᠤᠷᠮᠤᠢ ᠲᠣᠪᠴᠢ ᠶᠢ ᠲᠠᠢᠴᠢᠬᠤ ᠪᠠᠷ ᠂ ᠬᠦᠳᠡᠯᠬᠦ ᠰᠠᠯᠬᠢᠨ ᠤ ᠬᠢᠨᠢ ᠬᠣᠢᠨ᠎ᠠ ᠠᠴᠠ ᠲᠤᠭᠤᠯ ᠤᠨ ᠪᠡᠯᠴᠢᠭᠡᠷ ᠡᠴᠡ ᠲᠡᠭᠷᠢ ᠶᠢᠨ ᠬᠠᠶᠠᠭ᠎ᠠ ᠶᠢ ᠰᠤᠷᠠᠵᠤ ᠂ ᠲᠣᠬᠤᠢ ᠰᠤᠵᠠᠭ ᠢᠶᠠᠷ ᠲᠦᠭᠡᠷᠢᠵᠦ ᠲᠡᠨᠦᠵᠤ ᠶᠠᠪᠤᠬᠤ ᠳᠤ ᠬᠦᠳᠡᠭᠡ ᠨᠤᠳᠤᠭ ᠮᠢᠨᠢ ᠬᠦᠳᠡᠩ ᠮᠠᠨᠠᠨ ᠂ ᠬᠦᠨᠳᠡᠢ ᠲᠠᠯ᠎ᠠ ᠬᠦᠳᠦᠯ ᠲᠠᠪᠠᠭ᠎ᠠ ᠪᠠᠷ ᠢᠶᠠᠨ ᠲᠠᠯᠠᠯᠤᠨ ᠲᠠᠯᠠᠯᠤᠨ ᠪᠦᠪᠡᠢᠯᠡᠵᠦ ᠯᠠ ᠪᠠᠢᠭᠰᠠᠨ ᠃
ᠡᠷᠳᠡᠮ ᠰᠤᠶᠤᠯ ᠤᠨ ᠮᠦᠷ ᠢ ᠬᠦᠭᠡᠭᠡᠬᠦ ᠪᠡᠷ ᠦᠷᠭᠦᠭᠡ ᠭᠡᠷ ᠡᠴᠡ ᠪᠡᠨ ᠮᠣᠷᠳᠠᠬᠤ ᠳᠤ ᠡᠬᠡ ᠨᠤᠳᠤᠭ ︱ ᠦᠯᠦᠭᠡᠢ ᠬᠦᠳᠡᠭᠡ ᠶᠢᠨ ᠲᠠᠷᠢᠶ᠎ᠠ ᠲᠦᠮᠦᠰᠦ ᠂ ᠭᠣᠤᠯ ᠭᠣᠷᠤᠬ᠎ᠠ ᠂ ᠭᠣᠪᠢ ᠲᠠᠯ᠎ᠠ ᠪᠦᠬᠦᠨ ᠨᠢ ᠵᠢᠷᠦᠬᠡ ᠰᠡᠳᠭᠢᠯ ᠦᠨ ᠦᠮᠦᠭ ᠲᠦᠰᠢᠭ ᠪᠣᠯᠵᠤ ᠬᠠᠷᠠᠭᠳᠠᠳᠠᠭ ᠃ ᠭᠠᠷᠠᠭ ᠤᠨ ᠠᠮᠠᠷᠠᠯᠳᠠ ᠣᠢᠷᠠᠳᠬᠤ ᠲᠣᠰᠤᠮ ᠭᠠᠵᠠᠷ ᠤᠨ ᠬᠣᠯᠠ ᠠᠴᠠ ᠬᠦᠳᠡᠩᠲᠡᠨ ᠪᠠᠯᠠᠷᠲᠠᠵᠤ ᠂ ᠬᠠᠶᠠ ᠬᠠᠶᠠ ᠣᠷᠲᠤ ᠰᠡᠭᠦᠷᠡᠰᠦᠯᠡᠨ ᠬᠠᠷᠢᠬᠤ ᠶᠢ ᠰᠠᠨᠠᠭᠠᠰᠢᠷᠠᠳᠠᠭ ᠨᠢ ᠬᠦᠳᠡᠭᠡ ᠨᠤᠳᠤᠭ ᠮᠢᠨᠢ ᠭᠡᠵᠦ ᠬᠣᠪᠳᠤᠯ ᠵᠢᠷᠦᠬᠡᠨ ᠡᠴᠡ ᠬᠡᠵᠢᠶ᠎ᠡ ᠡᠭᠦᠷᠢᠳᠡ ᠰᠠᠯᠵᠤ ᠪᠣᠯᠤᠰᠢ ᠦᠭᠡᠢ ᠬᠤᠯᠪᠤᠭ᠎ᠠ ᠤᠶᠠᠭᠠᠳᠠᠢ ᠪᠠᠢᠭᠰᠠᠨ ᠤ ᠤᠴᠢᠷ ᠶᠣᠰᠤ ᠭᠡᠵᠦ ᠦᠦ ︖ ᠲᠡᠢᠮᠦ ᠡ ︕
︽ ᠴᠣᠮᠤ ᠤᠰᠤ ᠶᠢ ᠲᠦᠭᠦᠷᠭᠡᠬᠦ ᠳᠦ ᠰᠠᠭᠤᠯᠠᠭ᠎ᠠ ᠣᠰᠤ ᠱᠠᠬᠠᠷᠳᠠᠭᠳᠠᠨᠠ ︾ ᠬᠡᠳᠡᠭ ᠢ ᠪᠠᠲᠤ ᠢᠲᠡᠭᠡᠵᠦ ᠂ ᠦᠯᠦᠭᠡᠢ ᠬᠦᠳᠡᠭᠡ ᠳᠦ ᠪᠡᠨ ᠦᠩᠭᠡ ᠶᠢᠨ ᠴᠡᠴᠡᠭ ᠢ ᠵᠡᠷᠭᠡᠪᠡᠷ ᠲᠡᠯᠭᠡᠷᠡᠭᠦᠯᠵᠦ ᠂ ᠡᠷᠳᠡᠮᠳᠡᠨ ᠪᠦᠬᠦᠨ ᠢ ᠴᠢᠯᠦᠭᠡ ᠲᠡᠶ ᠶᠠᠷᠢᠯᠴᠠᠭᠤᠯᠬᠤ ᠢᠷᠡᠭᠡᠳᠦᠢ ᠬᠦᠰᠡᠯ ᠳᠦ ᠪᠡᠨ ᠬᠦᠳᠦᠯᠦᠭᠳᠡᠨ ᠬᠣᠲᠠ ᠣᠷᠤᠵᠤ ᠬᠠᠲᠠᠭᠤᠵᠢᠯᠲᠡᠢ ᠲᠠᠪᠲᠠᠨ ᠪᠣᠯᠪᠠᠰᠤᠷᠠᠵᠤ ᠶᠠᠪᠤᠬᠣ ᠳᠤ ᠰᠣᠷᠤᠯᠭ᠎ᠠ ᠶᠢᠨ ᠰᠦᠢᠳᠭᠡᠯ ᠪᠣᠯᠭᠠᠨ ᠢᠯᠡᠭᠡᠨ ᠢᠷᠡᠳᠡᠭ ᠡᠳᠦᠢ ᠲᠡᠳᠦᠢ ᠲᠠᠷᠠᠬᠠᠢ ᠪᠣᠲᠠᠷᠬᠠᠢ ᠲᠠᠰᠣᠭ ᠪᠣᠰᠤᠭ ᠮᠦᠩᠭᠦ ᠵᠣᠭᠤᠰᠤᠨ ᠳᠤ ᠨᠢ ᠬᠦᠳᠡᠭᠡ ᠨᠤᠳᠤᠭ ᠤᠨ ᠮᠢᠨᠢ ᠦᠨᠦᠷ ᠠᠮᠲᠠ ᠦᠨᠦᠷᠳᠦᠭᠳᠡᠵᠦ ᠂ ᠬᠠᠢᠷ᠎ᠠ ᠰᠡᠳᠭᠢᠯᠭᠡ ᠮᠡᠳᠡᠷᠡᠭᠲᠡᠲᠡᠭ ᠪᠠᠢᠯ᠎ᠠ ᠃ ᠢᠩᠭᠢᠬᠦᠯᠡᠷ ᠮᠦᠩᠭᠦ ᠵᠣᠭᠤᠰ ᠢ ᠨᠢ ᠣᠯᠤᠭᠠᠳ ᠪᠠᠶᠠᠷᠯᠠᠬᠤ ᠪᠢᠰᠢ ᠂ ᠦᠷᠦᠰᠢᠶᠡᠩᠭᠦᠢ ᠰᠡᠳᠭᠢᠯᠲᠦ ᠡᠴᠢᠭᠡ ᠡᠬᠡ ᠂ ᠠᠬᠠᠰ ᠵᠠᠬᠠᠰ ᠂ ᠦᠭᠭᠢᠶᠡᠮᠦᠷ ᠦᠵᠡᠰᠭᠦᠯᠡᠩᠲᠦ ᠬᠦᠳᠡᠭᠡ ᠨᠤᠳᠤᠭ ᠂ ᠬᠠᠳᠠ ᠴᠢᠯᠠᠭᠤ ᠂ ᠡᠪᠡᠰᠤ ᠰᠢᠷᠤᠢ ᠪᠦᠬᠦᠨ ᠨᠢ ᠡᠷᠬᠢᠮ ᠬᠦᠰᠡᠯ ᠦᠨ ᠶᠣᠰᠤ ᠶᠢ ᠵᠢᠭᠠᠵᠤ ᠂ ᠬᠠᠢᠷ᠎ᠠ ᠰᠡᠳᠭᠢᠯᠭᠡ ᠦᠪᠯᠡᠬᠦ ᠳᠦ ᠬᠦᠰᠡᠯ ᠦᠨ ᠠᠷᠢᠭᠤᠨ ᠰᠠᠨᠠᠭ᠎ᠠ ᠬᠣᠪᠳᠤᠯ ᠵᠢᠷᠦᠬᠡᠨ ᠡᠴᠡ ᠡᠭᠦᠰᠴᠦ ᠂ ᠬᠠᠢᠷ᠎ᠠ ᠶᠢᠨ ᠬᠠᠯᠠᠭᠤᠨ ᠨᠢᠯᠪᠦᠰᠦ ᠬᠣᠶᠠᠷ ᠨᠢᠳᠦᠨ ᠡᠴᠡ ᠪᠦᠮᠪᠦᠷᠢᠳᠡᠭ ᠡ ︕
ᠵᠤᠨ ᠲᠠᠶ ᠵᠣᠳ ᠲᠠᠶ ᠶᠢᠷᠳᠢᠨᠴᠤ ᠵᠣᠪᠠᠯ ᠲᠠᠶ ᠵᠢᠷᠭᠠᠯ ᠲᠠᠶ ᠠᠮᠢᠳᠤᠷᠠᠯ ᠳᠤ ᠡᠪᠡᠳᠴᠢᠨ ᠵᠣᠪᠠᠯᠠᠩ ᠤᠨ ᠲᠦᠢᠯ ᠪᠣᠯᠵᠤ ᠡᠨᠨᠡᠯᠦᠨ
ᠰᠢᠨᠠᠯᠬᠤ ᠳᠤ ᠪᠠᠨ ︽ ᠡᠨᠡ ᠶᠢᠷᠳᠢᠨᠴᠤ ᠳᠤ ᠠᠮᠢᠳᠤ ᠶᠠᠪᠤᠬᠣ ᠨᠢ ᠦᠬᠦᠭᠰᠡᠨ ᠢ ᠬᠦᠷᠬᠦ ᠦᠭᠡᠢ ︾ ᠭᠡᠵᠦ ᠭᠠᠰᠠᠯᠠᠬᠤ ᠳᠤ ︽ ᠵᠣᠪᠠᠯᠠᠩ ᠢᠷᠡᠪᠡᠯ ᠬᠠᠲᠠᠭᠤᠴᠢᠯᠠᠵᠤ ᠂ ᠵᠢᠷᠭᠠᠯᠠᠩ ᠢᠷᠡᠪᠡᠯ ᠰᠡᠷᠡᠮᠵᠢᠯᠡᠭᠡᠷᠡᠢ ︾ ᠭᠡᠵᠦ ᠪᠣᠭᠤᠷᠤᠯ ᠬᠦᠳᠡᠭᠡ ᠮᠢᠨᠢ ᠪᠠᠭᠣᠬᠤ ᠪᠣᠷᠤᠭᠠᠨ ᠪᠣᠲᠠᠷᠠᠬᠤ ᠴᠠᠰᠤ ᠪᠠᠷ ᠢᠶᠡᠨ ᠵᠢᠭᠠᠨ ᠰᠤᠷᠭᠠᠵᠤ ᠂ ᠠᠵᠢᠯ ᠦᠢᠯᠡᠰ ᠦᠨ ᠵᠠᠮ ᠳᠤ ᠪᠠᠨ ᠡᠨᠳᠡᠵᠦ ᠪᠡᠷᠬᠡᠳᠡᠭᠡᠳ ᠰᠢᠷ᠎ᠠ ᠡᠳᠦᠷ ᠪᠣᠷᠤ ᠬᠣᠨᠤᠭ ᠢ ᠡᠯᠡᠭᠡᠵᠦ ᠂ ᠮᠡᠩᠳᠡᠭᠦᠷᠡᠨ ᠲᠡᠨᠴᠢᠭᠦᠷᠡᠨ ᠵᠢᠷᠦᠬᠡᠨ ᠳᠦ ᠪᠡᠨ ᠴᠢᠰᠤ ᠪᠠᠷ ᠤᠬᠢᠯᠠᠵᠤ ︽ ᠡᠨᠡᠬᠡᠨ ᠬᠣᠷᠸ᠎ᠠ ᠳᠤ ᠡᠷ᠎ᠡ ᠬᠦᠮᠦᠨ ᠪᠣᠯᠵᠤ ᠲᠦᠷᠦᠬᠦ ᠪᠡᠷ ᠢᠶᠡᠨ ᠡᠷᠶᠡᠨ ᠡᠯᠵᠢᠭᠡ ᠪᠣᠯᠵᠤ ᠲᠦᠷᠦᠭᠰᠡᠨ ᠢ ᠬᠦᠷᠬᠦ ᠦᠭᠡᠢ ︾ ᠭᠡᠵᠦ ᠬᠠᠰᠬᠢᠷᠬᠤ ᠳᠤ ︽ ᠡᠷᠬᠢ ᠨᠢᠭᠡ ᠶᠡᠭᠦᠷᠡᠵᠦ ᠂ ᠡᠷ᠎ᠡ ᠨᠢᠭᠡ ᠭᠡᠨᠡᠳᠡᠳᠡᠭ ︕ ︾ ᠭᠡᠵᠦ ᠡᠯᠢᠭᠡᠨ ᠬᠦᠳᠡᠭᠡ ᠮᠢᠨᠢ ᠡᠩᠰᠡᠷᠡᠬᠦ ᠰᠠᠯᠬᠢ ᠪᠠᠷ ᠢᠶᠠᠨ ᠵᠢᠭᠠᠨ ᠲᠣᠬᠢᠳᠠᠭ ᠪᠢᠯᠡ ᠃
ᠨᠠᠰᠤᠨ ᠤ ᠠᠮᠠᠷᠠᠯᠳᠠ ᠪᠠᠨ ᠠᠪᠴᠤ ᠨᠠᠭᠤᠷ ᠠᠴᠠ ᠪᠠᠨ ᠰᠠᠯᠤᠭᠰᠠᠨ ᠨᠡᠭᠦᠳᠡᠯ ᠦᠨ ᠰᠢᠪᠠᠭᠤ ᠰᠢᠬ ᠨᠤᠳᠤᠭ ᠡᠴᠡ ᠪᠡᠨ ᠬᠣᠯᠠᠳᠤᠨ ᠣᠳᠬᠤ ᠳᠤ ᠨᠢᠳᠦᠨ ᠦ ᠨᠢᠯᠪᠦᠰᠦ ᠲᠠᠩᠳᠠ ᠪᠦᠮᠪᠦᠷᠢᠭᠡᠳ ᠪᠠᠢᠳᠠᠭ ᠨᠢ ᠴᠣᠬᠤᠮ ᠶᠠᠭᠤ ᠪᠢᠯᠡ ︖ ᠭᠣᠮᠤᠳᠠᠯ ᠴᠤ ᠶᠤᠮ ᠤᠤ ︖ ᠵᠣᠪᠠᠯ ᠴᠤ ᠶᠤᠮ ᠤᠤ ︖ ᠵᠠᠶᠠᠭ᠎ᠠ ᠴᠤ ᠶᠤᠮ ᠤᠤ ︖ ᠡᠰᠡᠬᠦᠯ᠎ᠡ ᠁ ᠠᠢ ᠬᠦᠷᠦᠬᠦᠢ ︕ ᠵᠢᠷᠦᠬᠡ ᠰᠡᠳᠭᠢᠯ ᠮᠢᠨᠢ ᠵᠢᠮᠤᠷ ᠭᠣᠮᠤᠷ ᠲᠠᠲᠠᠯᠳᠠᠭᠠᠳ ᠪᠠᠢᠨ᠎ᠠ ᠃
ᠮᠢᠨᠦ ᠬᠦᠳᠡᠭᠡ ᠨᠤᠳᠤᠭ ︕
ᠵᠢᠷᠦᠬᠡ ᠰᠡᠳᠭᠢᠯ ᠦᠨ ᠤᠶᠠᠭ᠎ᠠ ᠂
ᠮᠢᠨᠦ ᠲᠦᠷᠦᠭᠰᠡᠨ ᠦᠯᠦᠭᠡᠢ ︕
ᠮᠦᠩᠬᠡ ᠬᠠᠢᠷ᠎ᠠ ᠶᠢᠨ ᠦᠷᠭᠦᠭᠡ ᠃
3
0