ᠵᠡᠭᠦᠳᠦᠨ ᠡᠴᠡ ᠰᠡᠷᠢᠬᠦ ᠳᠦ ᠰᠢᠷᠬ᠎ᠠ ᠠᠷᠢᠯᠤᠪᠠ
ᠣᠷᠴᠢᠮ ᠢᠶᠠᠷ ᠶᠠᠭᠠᠬᠢᠭᠰᠠᠨ ᠢ ᠪᠣᠤ ᠮᠡᠲᠡ ︕ ᠮᠠᠰᠠ ᠵᠠᠰᠠᠯ ᠬᠢᠭᠰᠡᠨ ᠰᠣᠷᠪᠢ ᠬᠦᠭᠡᠷᠦᠨ ᠭᠦᠷᠪᠦᠡᠢᠭᠡᠳ ᠡᠪᠡᠳᠦᠨ ᠵᠠᠬᠠᠯᠠᠵᠤ ᠠᠷᠭ᠎ᠠ ᠠᠭᠠᠰᠢ ᠶᠢ ᠠᠯᠳᠠᠷᠠᠭᠤᠯᠤᠨ᠎ᠠ ᠃ ᠨᠡᠩ ᠢᠯᠠᠨᠭᠭᠤᠶ᠎ᠠ ᠦᠴᠦᠭᠡᠳᠦᠷ ᠰᠦᠨᠢ ᠲᠣᠰ ᠰᠢᠷᠬ᠎ᠠ ᠲᠡᠮᠦᠷ ᠰᠢᠭ ᠬᠠᠳᠠᠭᠤᠷᠠᠨ ᠡᠪᠡᠳᠴᠤ ᠂ ᠲᠡᠰᠡᠪᠦᠷᠢᠯᠡᠬᠦᠶᠡ ᠪᠡᠷᠬᠡ ᠪᠣᠯᠲᠠᠯ᠎ᠠ ᠵᠣᠪᠠᠭᠠᠨ ᠲᠡᠩᠰᠡᠯᠭᠡᠵᠡᠢ ᠃ ᠪᠢ ᠡᠨᠡᠬᠦ ᠰᠢᠷᠬ᠎ᠠ ᠪᠠᠨ ᠲᠡᠮᠲᠡᠷᠢᠨ ᠨᠤᠬᠤᠯᠠᠭᠰᠠᠭᠠᠷ ᠰᠦᠨᠢ ᠲᠤᠮᠲᠠ ᠦᠩᠭᠡᠷᠡᠭᠡᠳ ᠰᠠᠶ᠋ᠢ ᠤᠨᠲᠠᠵᠤ ᠡᠬᠢᠯᠡᠪᠡ ᠃ ᠤᠨᠲᠠᠮᠠᠭᠴᠠ ᠵᠡᠭᠦᠳᠦᠯᠡᠪᠡ ᠄
403
2025-01-15 12:24
发表于:内蒙古
ᠵᠡᠭᠦᠳᠦᠨ ᠡᠴᠡ ᠰᠡᠷᠢᠬᠦ ᠳᠦ ᠰᠢᠷᠬ᠎ᠠ ᠠᠷᠢᠯᠤᠪᠠ
ᠪ ᠂ ᠠᠯᠲᠠᠨᠪᠠᠭᠠᠨ᠎ᠠ
ᠣᠷᠴᠢᠮ ᠢᠶᠠᠷ ᠶᠠᠭᠠᠬᠢᠭᠰᠠᠨ ᠢ ᠪᠣᠤ ᠮᠡᠲᠡ ︕ ᠮᠠᠰᠠ ᠵᠠᠰᠠᠯ ᠬᠢᠭᠰᠡᠨ ᠰᠣᠷᠪᠢ ᠬᠦᠭᠡᠷᠦᠨ ᠭᠦᠷᠪᠦᠡᠢᠭᠡᠳ ᠡᠪᠡᠳᠦᠨ ᠵᠠᠬᠠᠯᠠᠵᠤ ᠠᠷᠭ᠎ᠠ ᠠᠭᠠᠰᠢ ᠶᠢ ᠠᠯᠳᠠᠷᠠᠭᠤᠯᠤᠨ᠎ᠠ ᠃ ᠨᠡᠩ ᠢᠯᠠᠨᠭᠭᠤᠶ᠎ᠠ ᠦᠴᠦᠭᠡᠳᠦᠷ ᠰᠦᠨᠢ ᠲᠣᠰ ᠰᠢᠷᠬ᠎ᠠ ᠲᠡᠮᠦᠷ ᠰᠢᠭ ᠬᠠᠳᠠᠭᠤᠷᠠᠨ ᠡᠪᠡᠳᠴᠤ ᠂ ᠲᠡᠰᠡᠪᠦᠷᠢᠯᠡᠬᠦᠶᠡ ᠪᠡᠷᠬᠡ ᠪᠣᠯᠲᠠᠯ᠎ᠠ ᠵᠣᠪᠠᠭᠠᠨ ᠲᠡᠩᠰᠡᠯᠭᠡᠵᠡᠢ ᠃ ᠪᠢ ᠡᠨᠡᠬᠦ ᠰᠢᠷᠬ᠎ᠠ ᠪᠠᠨ ᠲᠡᠮᠲᠡᠷᠢᠨ ᠨᠤᠬᠤᠯᠠᠭᠰᠠᠭᠠᠷ ᠰᠦᠨᠢ ᠲᠤᠮᠲᠠ ᠦᠩᠭᠡᠷᠡᠭᠡᠳ ᠰᠠᠶ᠋ᠢ ᠤᠨᠲᠠᠵᠤ ᠡᠬᠢᠯᠡᠪᠡ ᠃ ᠤᠨᠲᠠᠮᠠᠭᠴᠠ ᠵᠡᠭᠦᠳᠦᠯᠡᠪᠡ ᠄
ᠪᠣᠰᠤᠳ ᠤᠨ ᠮᠣᠷᠢᠨ ᠲᠡᠷᠭᠡᠨ ᠲᠡᠭᠡᠷ᠎ᠡ ᠬᠡᠪᠳᠡᠴᠢᠬᠡᠭᠡᠳ ᠵᠠᠮᠨᠠᠨ᠎ᠠ ᠃ ᠨᠢᠭᠡ ᠮᠡᠳᠡᠬᠦ ᠳᠦ ᠲᠡᠷᠭᠡᠨ ᠡᠴᠡ ᠭᠤᠯᠭᠤᠷᠢᠨ ᠤᠨᠠᠭᠠᠳ ᠲᠡᠪᠡᠯ ᠲᠣᠯᠤᠭᠠᠢ ᠶᠢ ᠣᠷᠢᠶᠠᠭᠰᠠᠨ ᠪᠠᠡᠢᠯᠠ ᠃ ᠶᠠᠭᠠᠷᠠᠤ ᠰᠠᠨᠳᠤᠷᠠᠤ ᠲᠣᠯᠤᠭᠠᠢ ᠶᠢ ᠣᠷᠢᠶᠠᠭᠰᠠᠨ ᠲᠡᠪᠡᠯ ᠢ ᠠᠪᠴᠤ ᠬᠠᠶᠠᠨ ᠠᠯᠤᠰ ᠢ ᠴᠢᠭᠯᠡᠨ ᠬᠠᠷᠠᠪᠠᠯ ᠨᠢᠭᠡᠨ ᠲᠤᠰᠬᠤᠨ ᠤ ᠲᠤᠮᠲᠠᠬᠢ ᠬᠦᠨᠳᠡᠯᠡᠨ ᠵᠠᠮ ᠲᠡᠭᠡᠷ᠎ᠡ ᠡᠬᠡᠨᠠᠷ ᠮᠢᠨᠢ ᠵᠣᠭᠰᠤᠴᠢᠬᠠᠭᠠᠳ ᠡᠰᠡᠷᠭᠦ ᠭᠠᠷ ᠲᠠᠯᠠᠯᠤᠨ ᠄ ︽ ᠬᠣᠷᠳᠤᠨ ᠶᠠᠪᠤ ᠡ ᠂ ᠬᠤᠷᠳᠤᠨ ᠶᠠᠪᠤ ᠡ ︕ ︾ ᠭᠡᠵᠦ ᠪᠠᠷᠬᠢᠷᠠᠬᠤ ᠶᠢᠨ ᠬᠠᠮᠳᠤ ᠮᠣᠷᠢᠨ ᠲᠡᠷᠭᠡᠨ ᠦ ᠬᠤᠡᠢᠨᠠ ᠠᠴᠠ ᠄ ︽ ᠬᠦᠢ ︕ ᠲᠠ ᠴᠢᠨᠢ ᠪ᠂ ᠠᠯᠲᠠᠨᠪᠠᠭᠠᠨ᠎ᠠ ᠶᠢ ᠲᠡᠭᠡᠭᠡᠬᠦ ᠦᠭᠡᠢ ᠯᠠᠢ ᠤᠤ ︖ ︾ ᠭᠡᠵᠦ ᠴᠢᠨᠡᠭᠡ ᠮᠡᠳᠡᠨ ᠬᠠᠰᠬᠢᠷᠴᠤ ᠪᠠᠡᠢᠯᠠ ᠃ ᠮᠣᠷᠢᠨ ᠲᠡᠷᠭᠡᠨ ᠦ ᠬᠦᠮᠦᠰ ᠦᠯᠦ ᠰᠣᠨᠤᠰᠤᠭᠰᠠᠨ ᠶᠤᠮ ᠰᠢᠬ ᠠᠵᠢᠭ ᠴᠤ ᠦᠭᠡᠢ ᠡᠮᠦᠨᠡᠰᠢ ᠶᠠᠪᠤᠨ᠎ᠠ ᠃ ᠭᠡᠨᠡᠳᠲᠡ ᠲᠠᠬᠢᠨ ᠯᠠᠪᠯᠠᠬᠤ ᠳᠤ ᠮᠣᠷᠢᠨ ᠲᠡᠷᠭᠡ ᠪᠠ ᠡᠬᠡᠨᠠᠷ ᠮᠢᠨᠢ ᠬᠠᠷᠠᠭᠳᠠᠬᠤ ᠪᠠᠨ ᠪᠣᠯᠢᠵᠤ ᠡᠮᠦᠨᠡᠬᠢ ᠵᠠᠮ ᠲᠠᠯᠠᠢ ᠰᠢᠬ ᠪᠣᠯᠵᠤ ᠬᠦᠪᠡᠭᠡ ᠬᠢᠵᠠᠭᠠᠷ ᠦᠭᠡᠢ ᠤᠰᠤ ᠨᠡᠯᠦᠯᠵᠡᠨ ᠰᠤᠨᠤᠯᠵᠠᠨ᠎ᠠ ᠃ ᠪᠢ ᠵᠣᠷᠢᠭ ᠭᠠᠷᠭᠠᠨ ᠣᠰᠤᠨ ᠳᠤ ᠣᠷᠤᠵᠤ ᠬᠤᠲᠤᠭᠤᠷ ᠬᠦᠳᠦᠭᠦᠷ ᠢ ᠬᠦᠯ ᠢᠶᠡᠷ ᠢᠶᠡᠨ ᠲᠡᠮᠲᠡᠴᠢᠨ ᠡᠮᠦᠨᠡᠰᠢ ᠶᠠᠪᠤᠵᠤ ᠡᠬᠢᠯᠡᠪᠡ ᠃ ᠲᠤᠰᠬᠤᠨ ᠤ ᠲᠤᠮᠲᠠᠬᠢ ᠬᠦᠨᠳᠡᠯᠡᠨ ᠵᠠᠮ ᠬᠦᠷᠬᠦ ᠳᠦ ᠲᠡᠭᠡᠷ᠎ᠡ ︵ ᠬᠤᠡᠢᠨᠠ︶ ᠡᠴᠡ ᠣᠷᠤᠵᠤ ᠢᠷᠡᠭᠰᠡᠨ ᠣᠰᠤ ᠨᠢ ᠭᠡᠨᠡᠳᠲᠡ ᠲᠣᠯᠤᠭᠠᠢ ᠶᠢ ᠲᠠᠪᠠᠨ ᠰᠦᠷᠴᠢᠨ ᠡᠬᠢᠯᠡᠪᠡ ᠃ ᠠᠭᠠᠵᠢᠮ ᠢᠶᠠᠷ ᠣᠰᠤᠨ ᠤ ᠲᠤᠮᠲᠠ ᠵᠢᠪᠦᠨ ᠣᠷᠤᠪᠠ ᠃ ᠠᠩᠬ᠎ᠠ ᠡᠬᠢᠨ ᠳᠦ ᠪᠡᠨ ᠨᠢᠳᠦ ᠪᠡᠨ ᠠᠨᠢᠨ ᠠᠶᠤᠨ ᠰᠠᠨᠳᠣᠷᠴᠤ ᠪᠠᠡᠢᠭ᠌ᠰᠠᠨ ᠪᠠ ᠲᠠᠭᠠᠷᠠᠨ ᠵᠢᠩᠭᠢᠨᠡᠬᠦ ᠰᠢᠭ ᠪᠠᠡᠢᠭ᠌ᠰᠠᠨ ᠢᠶᠡᠨ ᠲᠡᠮᠡᠢ ᠤᠳᠠᠯ ᠦᠭᠡᠢ ᠲᠠᠭᠠᠷᠠᠨ ᠵᠢᠩᠭᠢᠨᠡᠬᠦ ᠪᠠ ᠠᠶᠤᠵᠤ ᠰᠠᠨᠳᠣᠷᠬᠤ ᠪᠠᠨ ᠪᠣᠯᠢᠪᠠ ᠃ ᠰᠡᠮᠡᠬᠡᠷ ᠨᠢᠳᠦ ᠪᠡᠨ ᠨᠡᠭᠡᠭᠡᠵᠦ ᠲᠡᠭᠡᠭᠰᠢ ᠠᠵᠢᠭᠯᠠᠬᠤ ᠳᠤ ᠠᠭᠠᠷ ᠲᠤ ᠠᠯᠳᠠᠨ ᠨᠠᠷᠠᠨ ᠮᠠᠰᠢ ᠭᠡᠷᠡᠯᠲᠠᠡᠢᠬᠠᠨ ᠰᠠᠴᠤᠷᠠᠵᠤ ᠪᠠᠡᠢᠭ᠌ᠰᠠᠨ ᠨᠢ ᠮᠢᠨᠦ ᠠᠩᠬᠠᠷᠤᠯ ᠰᠣᠨᠢᠷᠬᠠᠯ ᠢ ᠶᠠᠭᠠᠬᠢᠬᠤ ᠶᠢᠨ ᠠᠷᠭ᠎ᠠ ᠦᠭᠡᠢ ᠲᠠᠲᠠᠪᠠ ᠃ ᠣᠰᠤᠨ ᠤ ᠲᠤᠮᠲᠠ ᠨᠢ ᠪᠠᠰᠠ ᠶᠭᠠᠠᠬᠢᠭᠠᠳ ᠡᠡᠢᠮᠦ ᠯᠠ ᠬᠠᠯᠠᠭᠤᠨ ᠲᠤᠯᠠᠭᠠᠨ ᠪᠠᠢᠢᠬᠤ ᠪᠦᠭᠡᠳ ᠬᠠᠮᠤᠭ ᠢ ᠬᠡᠷᠡᠯᠲᠦᠬᠦᠯᠬᠦ ᠨᠠᠷᠠᠨ ᠲᠤᠯᠠᠡᠢᠵᠤ ᠰᠠᠴᠤᠷᠠᠭᠠᠳ ᠪᠠᠡᠢᠳᠠᠭ ᠪᠣᠢ ︖ ᠭᠡᠵᠦ ᠰᠤᠨᠢᠷᠬᠠᠨ ᠰᠡᠳᠭᠢᠭᠰᠡᠭᠡᠷ ᠵᠡᠭᠦᠳᠦᠨ ᠡᠴᠡ ᠰᠡᠷᠢᠪᠡ ᠃
ᠰᠡᠷᠢᠭᠡᠳ ᠰᠢᠷᠬ᠎ᠠ ᠪᠠᠨ ᠲᠡᠮᠲᠡᠷᠢᠭᠰᠡᠨ ᠴᠢᠨᠢ ᠤᠯᠠᠭᠠᠨ ᠬᠣᠷᠤᠬᠠᠢ ᠶᠢᠨ ᠬᠢᠷᠢ ᠪᠦᠳᠦᠭᠦᠨ ᠢᠶᠡᠷ ᠲᠡᠮᠦᠷ ᠰᠢᠭ ᠬᠠᠳᠣᠭᠤᠷᠠᠭᠠᠳ ᠲᠠᠪᠤᠨ ᠰᠡᠨᠲᠢᠮᠸᠲ᠋ᠷ ᠣᠷᠴᠢᠮ ᠭᠦᠷᠪᠦᠡᠢᠲᠦᠵᠦ ᠂ ᠡᠪᠡᠳᠦᠨ ᠵᠣᠪᠠᠭᠠᠵᠤ ᠪᠠᠡᠢᠭ᠌ᠰᠠᠨ ᠦᠨᠦᠬᠢ ᠰᠢᠷᠬ᠎ᠠ ᠰᠣᠷᠪᠢ ᠣᠷᠤ ᠮᠦᠷ ᠦᠭᠡᠢ ᠠᠷᠢᠯᠤᠪᠠ ᠃ ᠨᠡᠬᠡᠷᠡᠨ ᠰᠣᠨᠢᠷᠬᠠᠯᠲᠠᠢ ᠂ ᠭᠠᠡᠢᠬᠠᠮᠰᠢᠭᠳᠠᠢ ᠪᠠᠡᠢᠨᠠ ᠳ᠋ᠠ ︕ ᠡᠨᠡ ᠨᠢ ᠦᠨᠡᠬᠡᠷ ᠣᠷᠴᠢᠮ ᠢᠶᠠᠷ ᠮᠢᠨᠦ ᠨᠠᠭᠤᠨᠪᠢᠯᠢᠭ᠌ ᠪᠠᠭᠰᠢ ᠶᠢᠨ ︽ ᠪᠡᠶ᠎ᠡ ᠰᠡᠳᠭᠢᠯ ᠢ ᠬᠠᠷᠢᠯᠴᠠᠨ ᠤᠶᠠᠯᠳᠤᠭᠤᠯᠬᠤ ᠮᠤᠨᠭᠭᠤᠯ ᠡᠮᠨᠡᠯᠭᠡ ᠶᠢᠨ ᠵᠠᠰᠠᠯ ᠤᠨ ᠬᠢᠴᠢᠶᠡᠯ ︾ ᠢ ᠡᠳᠦᠷ ᠠᠯᠤᠰᠯᠠᠯ ᠦᠭᠡᠢ ᠰᠤᠨᠤᠰᠤᠭᠰᠠᠨ ᠤ ᠦᠷ᠎ᠡ ᠠᠰᠢᠭ ᠭᠡᠵᠢ ᠦᠦ ︖ ᠁
2
0