ᠠᠨᠠᠭᠠᠯᠵᠠᠯ ᠮᠦᠷᠦᠭᠡᠳᠦᠯ
ᠬᠡᠤᠬᠡᠨ ᠬᠠᠪᠤᠷ ᠤᠨ ᠬᠦᠭᠵᠢᠮᠳᠦ ᠤᠯᠠᠷᠢᠯ ᠲᠠᠬᠢᠨ ᠢᠷᠡᠭᠡᠳ
ᠬᠤᠸᠠᠷ ᠴᠡᠴᠡᠭ ᠲᠡᠯᠭᠡᠷᠡᠵᠦ ᠬᠤᠷᠸ᠎ᠠ ᠲᠡᠯᠡᠬᠡᠢ ᠶᠢ ᠭᠤᠶᠤᠯ᠎ᠠ
994
2024-10-20 14:46
发表于:内蒙古
ᠠᠨᠠᠭᠠᠯᠵᠠᠯ ᠮᠦᠷᠦᠭᠡᠳᠦᠯ
ᠪ ᠂ ᠠᠯᠳᠠᠨᠪᠠᠭᠠᠨ᠎ᠠ
ᠬᠡᠤᠬᠡᠨ ᠬᠠᠪᠤᠷ ᠤᠨ ᠬᠦᠭᠵᠢᠮᠳᠦ ᠤᠯᠠᠷᠢᠯ ᠲᠠᠬᠢᠨ ᠢᠷᠡᠭᠡᠳ
ᠬᠤᠸᠠᠷ ᠴᠡᠴᠡᠭ ᠲᠡᠯᠭᠡᠷᠡᠵᠦ ᠬᠤᠷᠸ᠎ᠠ ᠲᠡᠯᠡᠬᠡᠢ ᠶᠢ ᠭᠤᠶᠤᠯᠠᠯᠠ ᠃
ᠠᠮᠠᠷᠠᠭ ᠬᠤᠨᠭᠭᠤᠷ ᠴᠢ ᠮᠢᠨᠢ ᠠᠯᠢ ᠨᠢᠭᠡᠨ ᠡᠳᠦᠷ ᠡᠷᠭᠢᠨ ᠢᠷᠡᠵᠦ
ᠠᠶᠤᠤᠯᠢᠬᠠᠢ ᠵᠢᠷᠦᠬᠡ ᠶᠢ ᠮᠢᠨᠢ ᠵᠢᠷᠭᠠᠭᠤᠯᠤᠨ ᠪᠠᠶᠠᠰᠬᠠᠬᠤ ᠪᠤᠯ ︖
ᠠᠷᠤ ᠶᠢᠨ ᠠᠭᠤᠯᠠᠨ ᠳᠤ ᠪᠠᠨ ᠭᠠᠷᠤᠭᠠᠳ ᠰᠠᠷᠠᠪᠴᠢᠯᠠᠬᠤ ᠳᠤ
ᠠᠯᠤᠰ ᠤᠨ ᠪᠠᠷ᠎ᠠ ᠨᠢᠳᠦᠨ ᠳᠦ ᠮᠢᠨᠢ ᠨᠡᠪ ᠨᠡᠯᠦᠢᠨ ᠬᠠᠷᠠᠭᠳᠠᠨ᠎ᠠ ᠃
ᠡᠨᠡᠬᠡᠨ ᠪᠡᠶ᠎ᠡ ᠮᠢᠨᠢ ᠦᠳᠦ ᠵᠢᠭᠦᠷ ᠲᠠᠢ ᠪᠤᠯᠤᠭᠰᠠᠨ ᠪᠤᠯ ᠳ᠋ᠠ
ᠡᠷᠭᠢᠨ ᠨᠢᠰᠴᠤ ᠴᠢᠮ᠎ᠠ ᠳᠤ ᠪᠠᠨ ᠤᠴᠢᠬᠤ ᠯᠠ ᠶᠤᠮ ᠰᠠᠨ ᠃
ᠬᠦᠷᠦᠰᠦᠳᠦ ᠲᠡᠯᠡᠬᠡᠢ ᠵᠢᠮ᠎ᠡ ᠶᠤᠰᠤ ᠪᠠᠷ ᠢᠶᠠᠨ ᠡᠷᠭᠢᠯᠳᠦᠭᠰᠡᠭᠡᠷ
ᠬᠦᠬᠡᠭᠡ ᠡᠪᠦᠯ ᠦᠨ ᠲᠠᠰᠬᠢᠮ᠎ᠠ ᠤᠯᠠᠷᠢᠯ ᠴᠤ ᠤᠢᠷᠠᠳᠤᠯᠠ ᠃
ᠬᠡᠬᠦᠳᠡᠭ ᠦᠨ ᠠᠮᠠᠷᠠᠭ ᠴᠢ ᠮᠢᠨᠢ ᠤᠳᠤ ᠨᠢᠭᠡ ᠢᠷᠡᠵᠦ
ᠬᠠᠪᠳᠠᠭᠠᠢ ᠴᠡᠭᠡᠵᠢ ᠶᠢ ᠮᠢᠨᠢ ᠲᠤᠯᠠᠭᠠᠯᠠᠬᠤ ᠴᠠᠭ ᠴᠤ ᠪᠤᠯᠤᠯ᠎ᠠ ᠃
ᠠᠭᠠᠷ ᠲᠡᠭᠷᠢ ᠳᠦ ᠨᠡᠭᠦᠳᠡᠯᠯᠡᠨ ᠨᠢᠰᠬᠦ ᠭᠠᠯᠠᠭᠤᠳ ᠤᠨ ᠲᠠᠭᠤ
ᠠᠷᠠᠳ ᠤᠯᠠᠨ ᠳᠤ ᠪᠠᠨ ᠤᠶᠠᠨᠭᠭᠠ ᠡᠭᠡᠰᠢᠭ ᠪᠤᠯᠵᠤ ᠪᠠᠢᠨᠠᠮ
ᠠᠯᠤᠰ ᠤᠨ ᠬᠤᠯᠠ ᠠᠴᠠ ᠲᠤᠷᠠᠰᠤᠨ ᠰᠠᠨᠠᠭᠳᠠᠭᠴᠢ ᠴᠢ ᠮᠢᠨᠢ
ᠠᠶᠤᠤᠯᠢᠬᠠᠢ ᠴᠡᠭᠡᠵᠢᠨ ᠦ ᠮᠢᠨᠢ ᠰᠠᠨᠠᠭᠠᠯᠵᠠᠯ ᠮᠦᠷᠦᠭᠡᠳᠦᠯ ᠪᠤᠯᠵᠤ ᠪᠠᠢᠨᠠᠮ ︕
6
0