ᠲᠠᠨ ᠤ ᠰᠤᠨᠢᠷᠬᠠᠯ
ᠦᠭᠡᠯᠵᠢᠨ ᠰᠠᠷ᠎ᠠ ᠵᠢᠨ ᠬᠤᠷᠢ ᠶᠢᠰᠦᠨ ᠰᠦᠨᠢ ᠵᠠᠮ ᠮᠢᠷᠢᠶᠠᠬᠤ ᠲᠤᠬᠠᠢ ᠦᠯᠢᠭᠡᠷᠯᠡᠶᠡ
ᠦᠭᠡᠯᠵᠢᠨ ᠰᠠᠷ᠎ᠠ ᠵᠢᠨ ᠬᠤᠷᠢ ᠶᠢᠰᠦᠨ ᠰᠦᠨᠢ ᠵᠠᠮ ᠮᠢᠷᠢᠶᠠᠬᠤ ᠲᠤᠬᠠᠢ ᠦᠯᠢᠭᠡᠷᠯᠡᠶᠡ
221
2024-09-08 21:45
发表于:内蒙古
ᠬᠠᠷᠬᠠᠳᠠᠨ ᠷ ᠂ ᠴᠢᠷᠮᠠᠢᠢᠯᠳᠤ
ᠦᠭᠡᠯᠵᠢᠨ ᠰᠠᠷ᠎ᠠ ᠵᠢᠨ ᠬᠤᠷᠢ ᠶᠢᠰᠦᠨ ᠰᠦᠨᠢ ᠵᠠᠮ ᠮᠢᠷᠢᠶᠠᠬᠤ ᠦᠢᠯᠡ ᠪᠤᠯ ᠡᠷᠳᠡ ᠳᠡᠭᠡᠲᠦ ᠡᠴᠡ ᠤᠯᠠᠮᠵᠢᠯᠠᠵᠤ ᠢᠷᠡᠭᠰᠡᠨ ᠶᠤᠰᠤ ᠵᠠᠩᠰᠢᠯ ᠶᠤᠮ ᠃ ᠲᠡᠷᠡ ᠨᠢ ᠱᠠᠰᠢᠨ ᠰᠤᠷᠲᠠᠬᠤᠨ ᠤ ᠨᠢᠭᠡᠨ ᠦᠢᠯᠡ ᠠᠵᠢᠯᠯᠠᠭ᠎ᠠ ᠪᠤᠯᠬᠤ ᠮᠦᠷᠳᠡᠭᠡᠨ ᠡᠳᠦᠭᠡ ᠪᠣᠯᠲᠠᠯ᠎ᠠ ᠰᠢᠨᠵᠢᠯᠡᠬᠦ ᠤᠬᠠᠭᠠᠨ ᠵᠢᠡᠷ ᠲᠠᠢᠢᠯᠵᠤ ᠳᠡᠢᠢᠯᠦᠭᠡᠳᠦᠢ ᠤᠨᠢᠰᠤᠭ᠎ᠠ ᠪᠠᠢᠢᠭᠰᠠᠭᠠᠷ ᠰᠢᠦ ᠃
ᠪᠢᠳᠡᠭᠦᠨ ᠤ ᠰᠦᠨᠢ ᠵᠠᠮ ᠮᠢᠷᠢᠶᠠᠳᠠᠭ ᠲᠤᠬᠠᠢ ᠨᠠᠰᠤᠳᠠᠢᠢᠴᠤᠳ ᠤᠨ ᠬᠡᠯᠡᠭᠰᠡᠨ ᠢ ᠳᠤᠤᠷ᠎ᠠ ᠵᠤᠷᠪᠤᠰᠯᠠᠨ ᠶᠠᠷᠢᠶ᠎ᠠ ᠃
ᠨᠢᠭᠡ ᠂ ᠵᠠᠮ ᠮᠢᠷᠢᠶᠠᠳᠠᠭ ᠴᠠᠭ ᠨᠢ ᠦᠭᠡᠯᠵᠢᠨ ᠰᠠᠷ᠎ᠠ ᠵᠢᠨ ᠬᠤᠷᠢ ᠶᠢᠰᠦᠨ ᠤ ᠰᠢᠷ᠎ᠠ ᠪᠦᠷᠦᠢ ᠵᠢᠨ ᠳᠠᠷᠠᠭ᠎ᠠ ᠬᠠᠷ᠎ᠠ ᠪᠦᠷᠦᠢ ᠵᠢᠨ ᠡᠬᠢ ᠪᠠᠷ ᠂ ᠬᠦᠮᠦᠨ ᠠᠮᠢᠳᠠᠨ ᠤ ᠬᠦᠯ ᠤᠯᠠ ᠬᠤᠷᠢᠶᠠᠭᠳᠠᠭᠰᠠᠨ ᠤ ᠳᠠᠷᠠᠭ᠎ᠠ ᠃
ᠬᠤᠶᠠᠷ ᠂ ᠵᠠᠮ ᠮᠢᠷᠢᠶᠠᠳᠠᠭ ᠬᠦᠮᠦᠨ ᠨᠢ ᠡᠷᠬᠡᠪᠰᠢ ᠬᠡᠢᠢᠮᠤᠷᠢ ᠯᠤᠩᠳᠠ ᠲᠠᠢ ᠂ ᠰᠦᠰᠦ ᠵᠤᠷᠢᠭᠳᠠᠢ ᠂ ᠯᠠᠪᠳ᠋ᠠᠭᠤᠨ ᠳᠤᠭᠳᠠᠭᠤᠨ ᠵᠠᠩ ᠲᠠᠢ ᠬᠠᠷ᠎ᠠ ᠬᠦᠮᠦᠨ ᠪᠠᠢᠢᠬᠤ ᠬᠡᠷᠡᠭᠳᠠᠢ ᠮᠦᠷᠳᠡᠭᠡᠨ ᠡᠷᠬᠡᠪᠰᠢ ᠨᠤᠬᠠᠢ ᠵᠢᠨ ᠪᠠᠭᠠᠰᠤ ᠪᠠᠷ ᠪᠡᠶ᠎ᠡ ᠪᠡᠨ ᠤᠲᠤᠬᠤ ᠬᠡᠷᠡᠭᠳᠡᠢ ᠭᠡᠨ᠎ᠡ ᠃ ᠨᠤᠬᠠᠢ ᠵᠢᠨ ᠪᠠᠭᠠᠰᠤ ᠪᠠᠷ ᠤᠲᠤᠳᠠᠭ ᠤᠨ ᠤᠴᠢᠷ ᠭᠡᠪᠡᠯ ᠬᠡᠢᠢᠮᠦᠷᠢ ᠰᠠᠢᠢᠨ ᠬᠦᠮᠦᠨ ᠳ᠋ᠦ ᠶᠠᠭᠤ ᠴᠦ ᠦᠵᠡᠭᠳᠡᠳᠡᠭ ᠦᠭᠡᠢ ᠭᠡᠨ᠎ᠡ ᠃ ᠢᠩᠬᠢᠭᠡᠳ ᠨᠤᠬᠠᠢ ᠵᠢᠨ ᠪᠠᠭᠠᠰᠤ ᠪᠠᠷ ᠪᠡᠶ᠎ᠡ ᠪᠡᠨ ᠤᠲᠤᠵᠤ ᠂ ᠪᠤᠵᠠᠷ ᠪᠤᠯᠭᠠᠨ ᠂ ᠰᠠᠢᠢᠨ ᠬᠡᠢᠢᠮᠦᠷᠢ ᠪᠡᠨ ᠮᠠᠭᠤ ᠪᠤᠯᠭᠠᠭᠰᠠᠨ ᠤ ᠬᠤᠢᠢᠨ᠎ᠠ ᠰᠠᠶ᠋ᠢ ᠦᠵᠡᠭᠳᠡᠳᠡᠭ ᠭᠡᠨ᠎ᠡ ᠃ ᠯᠠᠮᠠ ᠪᠤᠶᠤ ᠡᠮᠡᠭᠳᠡᠢ ᠬᠦᠮᠦᠨ ᠵᠠᠮ ᠮᠢᠷᠢᠶᠠᠳᠠᠭ ᠦᠭᠡᠢ ᠃ ᠮᠦᠨᠴᠦ ᠵᠤᠷᠢᠭ ᠵᠢᠷᠦᠭᠡ ᠪᠠᠭ᠎ᠠ ᠂ ᠠᠶᠤᠮᠠᠳᠠᠭᠠᠢ ᠰᠤᠴᠢᠮᠠᠳᠠᠭᠠᠢ ᠵᠠᠩ ᠲᠠᠢ ᠬᠦᠮᠦᠨ ᠶᠠᠭᠠᠬᠢᠭᠰᠠᠨ ᠴᠦ ᠪᠤᠰᠤᠳ ᠢ ᠲᠠᠭᠤᠷᠢᠶᠠᠨ ᠵᠠᠮ ᠮᠢᠷᠢᠶᠠᠵᠤ ᠪᠤᠯᠬᠤ ᠦᠭᠡᠢ ᠃
ᠭᠤᠷᠪᠠ ᠂ ᠵᠠᠮ ᠮᠢᠷᠢᠶᠠᠳᠠᠭ ᠭᠠᠵᠠᠷ ᠨᠢ ᠶᠡᠬᠡ ᠰᠢᠭ ᠲᠤᠨᠤᠯᠵᠢᠨ ᠵᠠᠮ ᠤᠨ ᠬᠠᠵᠠᠭᠤ ᠳ᠋ᠦ ᠪᠠᠢᠢᠬᠤ ᠬᠡᠷᠡᠭᠳᠡᠢ ᠃
ᠳᠦᠷᠪᠡ ᠂ ᠪᠤᠳᠠᠳᠠᠢ ᠶᠠᠪᠤᠴᠠ ᠄
ᠲᠤᠨᠤᠯᠵᠢᠨ ᠵᠠᠮ ᠤᠨ ᠬᠠᠵᠠᠭᠤ ᠵᠢᠨ ᠲᠤᠬᠢᠷᠠᠮᠵᠢᠳᠠᠢ ᠭᠠᠵᠠᠷ ᠲᠤ ᠮᠠᠩᠬ᠎ᠠ ᠵᠢ ᠫᠢᠯᠠ ᠰᠢᠭ᠋ ᠬᠤᠩᠬᠤᠢᠢᠯᠭᠠᠭᠠᠳ ᠲᠡᠭᠡᠷ᠎ᠡ ᠨᠢ ᠬᠠᠭᠤᠷᠠᠢ ᠰᠢᠪᠠᠭ ᠬᠤᠭᠤᠯᠵᠤ ᠲᠠᠯᠪᠢᠭᠰᠠᠨ ᠤ ᠲᠠᠷᠠᠭ᠎ᠠ ᠪᠠᠰᠠ ᠨᠢᠭᠡ ᠬᠤᠷᠮᠤᠢ ᠬᠤᠮᠤᠯ ᠲᠡᠭᠦᠵᠦ ᠠᠪᠴᠢᠷᠠᠨ ᠳᠡᠭᠡᠷ᠎ᠡ ᠨᠢ ᠤᠪᠤᠭᠠᠯᠠᠵᠤ ᠲᠠᠯᠪᠢᠭᠠᠳ ᠬᠠᠵᠠᠭᠤ ᠳ᠋ᠦ ᠨᠢ ᠵᠠᠮ ᠦᠭᠡᠳᠡ ᠬᠠᠨᠳᠤᠨ ᠡᠯᠢᠭᠡ ᠲᠦᠷᠦᠭᠦᠯᠡᠵᠦ ᠰᠡᠮᠡᠭᠡᠷ ᠬᠡᠪᠲᠡᠨ᠎ᠡ ᠃ ᠲᠡᠮᠡᠢ ᠤᠳᠠᠯ ᠦᠭᠡᠢ ᠡᠨᠡ ᠵᠠᠮ ᠵᠢᠡᠷ ᠡᠯᠳᠡᠪ ᠤᠨ ᠬᠦᠮᠦᠨ ᠭᠠᠷᠤᠨ᠎ᠠ ᠭᠡᠨ᠎ᠡ ᠃ ᠮᠦᠭᠡᠷᠡᠭᠰᠡᠨ ᠦᠬᠡᠷ ᠢ ᠲᠠᠭᠤᠭᠠᠳ ᠶᠠᠪᠤᠭᠰᠠᠨ ᠬᠦᠮᠦᠨ ᠦᠩᠭᠡᠷᠡᠵᠦ ᠭᠠᠷᠤᠨ᠎ᠠ ᠂ ᠤᠭᠢᠯᠠᠭᠰᠠᠨ ᠬᠦᠮᠦᠨ ᠦᠩᠭᠡᠷᠡᠵᠦ ᠭᠠᠷᠤᠨ᠎ᠠ ᠂ ᠮᠤᠷᠢᠨ ᠰᠠᠢᠢᠪᠤᠷ ᠵᠢᠡᠷ ᠶᠠᠪᠤᠵᠦ ᠪᠠᠢᠢᠬᠤ ᠬᠦᠮᠦᠨ ᠦᠩᠭᠡᠷᠡᠨ᠎ᠡ ᠂ ᠪᠦᠯᠦᠭ ᠪᠦᠯᠦᠭ ᠵᠢᠡᠷ ᠶᠠᠪᠤᠵᠦ ᠪᠠᠢᠢᠬᠤ ᠬᠦᠮᠦᠨ ᠪᠠᠰᠠ ᠦᠩᠭᠡᠷᠡᠨ᠎ᠡ ᠃ ᠤᠭᠢᠯᠠᠭᠠᠳ ᠶᠠᠪᠤᠭᠰᠠᠨ ᠬᠦᠮᠦᠨ ᠤ ᠦᠭᠡᠳᠡ ᠡᠴᠡ ᠦᠨᠦᠬᠢ ᠬᠤᠮᠤᠯ ᠵᠢᠡᠨ ᠰᠢᠳᠡᠪᠡᠯ ᠪᠤᠴᠠᠭᠠᠳ ᠶᠠᠪᠤᠴᠢᠬᠠᠨ᠎ᠠ ᠭᠡᠨ᠎ᠡ ᠂ ᠳᠠᠭᠤᠯᠠᠭᠠᠳ ᠶᠠᠪᠤᠭᠰᠠᠨ ᠬᠦᠮᠦᠨ ᠢ ᠬᠤᠮᠤᠯ ᠵᠢᠡᠷ ᠰᠢᠳᠡᠭᠡᠳ ᠡᠷᠭᠢᠭᠦᠯᠵᠦ ᠲᠡᠢᠢᠯᠳᠡᠭ ᠦᠭᠡᠢ ᠭᠡᠨ᠎ᠡ ᠃ ᠬᠠᠶᠠ ᠪᠠᠰᠠ ᠲᠠᠨᠢᠳᠠᠭ ᠬᠦᠮᠦᠨ ᠶᠠᠪᠤᠵᠦ ᠪᠠᠢᠢᠳᠠᠭ ᠭᠡᠨ᠎ᠡ ᠂ ᠲᠡᠭᠡᠭᠡᠳ ᠬᠤᠮᠤᠯ ᠵᠢᠡᠨ ᠰᠢᠳᠡᠭᠡᠳ ᠡᠷᠭᠢᠭᠦᠯᠵᠦ ᠲᠡᠢᠢᠯᠪᠡᠯ ᠠᠮᠢ ᠵᠢ ᠨᠢ ᠠᠪᠤᠷᠠᠴᠢᠬᠠᠨᠠ ᠭᠡᠨ᠎ᠡ ᠂ ᠦᠨᠡᠨ ᠳ᠋ᠡᠭᠡᠨ ᠡᠨᠡ ᠨᠢ ᠡᠷᠯᠢᠭ ᠤᠨ ᠡᠯᠴᠢ ᠡᠨᠡ ᠵᠢᠯ ᠤᠨ ᠦᠬᠦᠬᠦ ᠬᠦᠮᠦᠨ ᠢ ᠠᠪᠴᠤ ᠶᠠᠪᠤᠵᠤ ᠪᠠᠢᠢᠬᠤ ᠭᠡᠨ᠎ᠡ ᠂ ᠲᠡᠭᠦᠨ ᠢ ᠬᠤᠮᠤᠯ ᠰᠢᠳᠡᠭᠡᠳ ᠡᠷᠭᠢᠭᠦᠯᠵᠦ ᠳᠡᠢᠢᠯᠪᠡᠯ ᠢᠯᠡᠭᠦᠦ ᠬᠤᠶᠠᠷ ᠵᠢᠯ ᠠᠮᠢᠳᠤᠷᠠᠭᠤᠯᠵᠤ ᠴᠢᠳᠠᠨ᠎ᠠ ᠭᠡᠨ᠎ᠡ ᠂
ᠨᠢᠭᠡᠨ ᠵᠢᠯ ᠤᠨ ᠦᠭᠡᠯᠵᠢᠨ ᠰᠠᠷ᠎ᠠ ᠵᠢᠨ ᠬᠤᠷᠢ ᠶᠢᠰᠦᠨ ᠤ ᠤᠷᠤᠢ ᠨᠢᠭᠡ ᠵᠠᠮ ᠮᠢᠷᠢᠶᠠᠭᠴᠢ ︽ ᠵᠠᠮ ᠮᠢᠷᠢᠶᠠᠬᠤ ᠳ᠋ᠦ ᠪᠡᠨ ᠨᠠᠮᠠᠢᠢ ᠳᠠᠭᠠᠭᠤᠯᠤᠭᠠᠳ ᠶᠠᠪᠤ ︾ ᠭᠡᠵᠦ ᠵᠠᠯᠭᠠᠭ᠎ᠠ ᠬᠡᠳᠦᠨ ᠵᠢᠯ ᠭᠤᠶᠤᠭᠰᠠᠨ ᠬᠦᠮᠦᠨ ᠢ ᠠᠯᠢ ᠤᠯᠠᠨ ᠠᠩᠬᠠᠷᠬᠤ ᠵᠦᠢᠯ ᠤᠳ ᠢ ᠬᠡᠯᠡᠵᠦ ᠦᠭᠭᠦᠭᠰᠡᠨ ᠳᠠᠷᠠᠭ᠎ᠠ ᠠᠷᠭ᠎ᠠ ᠪᠤᠰᠤ ᠳᠠᠭᠠᠭᠤᠯᠵᠤ ᠶᠠᠪᠤᠭᠠᠳ ᠵᠠᠮ ᠮᠢᠷᠢᠶᠠᠳᠠᠭ ᠭᠠᠵᠠᠷ ᠬᠦᠷᠴᠦ ᠠᠷᠤ ᠳ᠋ᠠᠭᠠᠨ ᠭᠡᠪᠳᠡᠭᠦᠯᠵᠠᠢ ᠃ ᠲᠡᠭᠡᠭᠡᠳ ᠲᠡᠷᠡ ᠰᠠᠯᠠᠭ᠎ᠠ ᠵᠠᠮ ᠵᠢᠡᠷ ᠬᠦᠮᠦᠨ ᠠᠮᠢᠳᠠᠨ ᠬᠦᠷᠦᠯᠵᠦ ᠡᠬᠢᠯᠡᠭᠰᠡᠨ ᠪᠦᠭᠡᠳ ᠦᠨᠦᠬᠢ ᠵᠠᠮ ᠮᠢᠷᠢᠶᠠᠭᠴᠢ ᠬᠤᠮᠤᠯ ᠵᠢᠡᠨ ᠰᠢᠳᠡᠨ ᠶᠠᠭᠠᠷᠠᠯᠳᠠᠢᠢᠬᠠᠨ ᠠᠵᠢᠯᠯᠠᠵᠠᠢ ᠃ ᠰᠠᠶ᠋ᠢᠬᠢ ᠮᠠᠨ ᠤ ᠬᠤᠢᠢᠨ᠎ᠠ ᠨᠢ ᠠᠵᠢᠭ ᠦᠭᠡᠢ ᠬᠡᠪᠳᠡᠭᠰᠡᠨ ᠰᠠᠢᠢᠨ ᠡᠷ᠎ᠡ ᠠᠩᠭᠠᠢᠢᠵᠤ ᠦᠵᠡᠵᠦ ᠪᠠᠢᠢᠲᠠᠯ᠎ᠠ ᠬᠡᠨᠡᠳᠳᠡ ᠠᠷᠤ ᠳ᠋ᠦ ᠨᠢ ᠤᠯᠠᠨ ᠮᠤᠷᠢᠨ ᠲᠦᠪᠡᠷᠭᠡᠨ ᠰᠤᠨᠤᠰᠤᠭᠳᠠᠭᠰᠠᠨ ᠳ᠋ᠦ ︽ ᠬᠤᠢᠢᠰᠢ ᠡᠷᠭᠢᠨ ᠬᠠᠷᠠᠵᠦ ᠪᠤᠯᠬᠤ ᠦᠭᠡᠢ︾ ᠭᠡᠰᠡᠨ ᠵᠠᠬᠢᠶ᠎ᠠ ᠵᠢ ᠤᠮᠠᠷᠳᠠᠵᠤ ᠬᠠᠯᠳᠤ ᠨᠢᠭᠡ ᠰᠢᠷᠪᠢᠵᠦ ᠠᠪᠴᠠᠢ ᠃ ᠲᠡᠷᠡᠬᠡᠨ ᠭᠱᠠᠨ ᠳ᠋ᠦ ᠰᠡᠭᠦᠵᠢᠨ ᠤ ᠬᠢᠨᠢ ᠲᠡᠭᠡᠷ᠎ᠡ ᠨᠢᠷᠤᠭᠤᠨ ᠤᠷᠴᠢᠮ ᠨᠢᠭᠡ ᠴᠢᠪ ᠭᠡᠵᠦ ᠡᠪᠡᠳᠦᠭᠡᠳ ᠠᠪᠤᠯ᠎ᠠ ᠃ ᠬᠠᠷᠢᠵᠤ ᠤᠴᠢᠭᠰᠠᠨ ᠤ ᠳᠠᠷᠠᠭ᠎ᠠ ᠨᠢᠷᠤᠭᠤ ᠡᠪᠡᠳᠬᠦ ᠤᠯᠠᠮ ᠴᠢᠩᠭᠠᠷᠠᠨ ᠬᠡᠳ᠋ᠦ ᠬᠤᠨᠤᠭᠠᠳ ᠬᠡᠪᠳᠡᠷᠢ ᠳ᠋ᠦ ᠤᠷᠤᠵᠤ ᠬᠦᠳᠡᠯᠵᠦ ᠳᠡᠢᠢᠯᠬᠦ ᠦᠭᠡᠢ ᠪᠤᠯᠴᠢᠬᠠᠪᠠ ᠃
ᠡᠳ᠋ᠦᠷ ᠬᠤᠨᠤᠭ ᠦᠩᠭᠡᠷᠡᠬᠦ ᠭᠡᠭᠴᠢ ᠤᠷᠤᠰᠬᠠᠯ ᠤᠰᠤ ᠮᠡᠲᠦ ᠲᠦᠷᠭᠡᠨ ᠠᠵᠢ ᠃ ᠨᠢᠭᠡ ᠮᠡᠳᠡᠬᠦ ᠳ᠋ᠦ ᠪᠠᠰᠠ ᠦᠭᠡᠯᠵᠢᠨ ᠰᠠᠷ᠎ᠠ ᠵᠢᠨ ᠬᠤᠷᠢ ᠶᠢᠰᠦᠨ ᠪᠤᠯᠵᠤ ᠂ ᠵᠠᠮ ᠮᠢᠷᠢᠶᠠᠬᠤ ᠴᠠᠭ ᠬᠦᠷᠦᠭᠡᠳ ᠢᠷᠡᠪᠡ ᠃ ᠵᠠᠮ ᠮᠢᠷᠢᠶᠠᠭᠴᠢ ᠡᠨᠡ ᠤᠳᠠᠭ᠎ᠠ ᠬᠠᠷᠢᠨ ᠰᠠᠢᠢᠨ ᠳᠤᠷ᠎ᠠ ᠡᠴᠡ ᠪᠡᠨ ᠦᠨᠦᠬᠢ ᠬᠡᠪᠳᠡᠷᠢ ᠳ᠋ᠦ ᠤᠷᠤᠭᠰᠠᠨ ᠬᠦᠮᠦᠨ ᠢ ᠮᠢᠨᠦ ᠵᠠᠮ ᠮᠢᠷᠢᠶᠠᠳᠠᠭ ᠭᠠᠵᠠᠷ ᠳᠠᠮᠨᠠᠨ ᠠᠪᠠᠴᠢᠭᠠᠳ ᠲᠠᠯᠪᠢᠴᠢᠬ᠎ᠠ ᠭᠡᠪᠡ ᠃ ᠰᠠᠯᠠᠭ᠎ᠠ ᠵᠠᠮ ᠵᠢᠡᠷ ᠬᠤᠨᠢ ᠢᠮᠠᠭ᠎ᠠ ᠮᠠᠢᠢᠯᠠᠨ ᠂ ᠦᠬᠡᠷ ᠪᠢᠷᠠᠭᠤ ᠮᠦᠭᠡᠷᠡᠯᠳᠦᠵᠦ ᠂ ᠬᠦᠮᠦᠨ ᠬᠠᠷ᠎ᠠ ᠤᠭᠢᠯᠠᠵᠤ ᠳᠠᠭᠤᠯᠠᠨ ᠂ ᠵᠠᠮ ᠮᠢᠷᠢᠶᠠᠭᠴᠢ ᠬᠤᠮᠤᠯ ᠵᠢᠡᠨ ᠰᠢᠳᠡᠭᠰᠡᠭᠡᠷ ᠶᠠᠭᠠᠷᠠᠵᠦ ᠡᠬᠢᠯᠡᠪᠡ ᠃ ᠲᠡᠭᠡᠵᠦ ᠪᠠᠢᠢᠲᠠᠯ᠎ᠠ ᠮᠤᠷᠢᠨ ᠲᠦᠪᠡᠷᠭᠡᠨ ᠰᠤᠨᠤᠰᠳᠠᠵᠤ ᠤᠯᠠᠨ ᠮᠤᠷᠢᠳᠠᠢ ᠬᠦᠮᠦᠨ ᠢᠷᠡᠪᠡ ᠃ ᠲᠡᠳᠡᠨ ᠤ ᠬᠠᠵᠠᠭᠤ ᠪᠠᠷ ᠦᠩᠭᠡᠷᠡᠬᠦ ᠳ᠋ᠦ ᠡᠮᠦᠨ᠎ᠡ ᠨᠢ ᠳᠠᠭᠠᠭᠤᠯᠵᠤ ᠶᠠᠪᠤᠭᠰᠠᠨ ᠨᠢᠭᠡ ᠨᠢ ᠬᠡᠨᠡᠳᠳᠡ ᠵᠤᠭᠬᠢᠨ ᠵᠤᠭᠰᠤᠵᠤ ᠂ ᠳᠠᠭᠠᠭᠤᠯᠵᠤ ᠶᠠᠪᠤᠭᠰᠠᠨ ᠳᠤᠤᠷᠠᠬᠢ ᠬᠦᠮᠦᠨ ᠳ᠋ᠡᠭᠡᠨ ᠄ ︽ ᠡᠨᠡ ᠬᠠᠷᠢᠨ ᠨᠢᠳᠦᠨᠦᠨ ᠮᠠᠨ ᠤ ᠰᠤᠮᠤᠨ ᠳ᠋ᠦ ᠤᠨᠤᠭᠳᠠᠭᠰᠠᠨ ᠬᠦᠮᠦᠨ ᠤᠳ᠋ᠤ ᠪᠤᠯᠲᠠᠯ᠎ᠠ ᠡᠨᠳ᠋ᠡ ᠬᠡᠪᠳᠡᠵᠦ ᠪᠠᠢᠢᠨ᠎ᠠ ᠃ ᠲᠡᠭᠦᠨ ᠤ ᠪᠡᠶ᠎ᠡ ᠳᠡᠬᠢ ᠰᠤᠮᠤ ᠵᠢ ᠠᠪᠤᠭᠠᠳ ᠬᠠᠶᠠᠴᠢᠬ᠎ᠠ︾ ᠭᠡᠵᠡᠢ ᠃ ᠲᠡᠭᠡᠭᠡᠳ ᠲᠡᠮᠡᠢ ᠤᠳᠠᠭᠰᠠᠨ ᠦᠭᠡᠢ ᠬᠦᠳᠡᠯᠵᠦ ᠳᠡᠢᠢᠯᠬᠦ ᠦᠭᠡᠢ ᠪᠤᠯᠤᠭᠰᠠᠨ ᠨᠢᠷᠤᠭᠤ ︽ ᠴᠢᠪ ︾ ᠭᠡᠵᠦ ᠨᠢᠭᠡ ᠡᠪᠡᠳᠦᠭᠡᠳ ᠭᠡᠮ ᠴᠦ ᠦᠭᠡᠢ ᠪᠤᠯᠵᠤ ᠂ ᠵᠠᠮ ᠮᠢᠷᠢᠶᠠᠭᠴᠢ ᠵᠢ ᠳᠠᠭᠠᠭᠠᠳ ᠬᠠᠷᠢᠭᠰᠠᠨ ᠭᠡᠨ᠎ᠡ ᠃
ᠵᠠᠮ ᠮᠢᠷᠢᠶᠠᠭᠴᠢ ᠨᠢ ᠦᠨᠡᠨ ᠳ᠋ᠡᠭᠡᠨ ᠠᠮᠢ ᠠᠪᠤᠷᠠᠭᠴᠢ ᠶᠤᠮ ᠪᠠᠢᠢᠨ᠎ᠠ ᠰᠢᠦ ᠂ ᠲᠡᠷᠡ ᠲᠠᠨᠢᠳᠠᠭ ᠮᠡᠳᠡᠳᠡᠭ ᠬᠦᠮᠦᠨ ᠪᠤᠶᠤ ᠰᠠᠨᠠᠮᠰᠠᠷ ᠦᠭᠡᠢ ᠦᠬᠦᠯ ᠳ᠋ᠦ ᠤᠴᠠᠷᠠᠭᠰᠠᠳ ᠢ ᠬᠤᠮᠤᠯ ᠰᠢᠳᠡᠨ ᠠᠪᠤᠷᠠᠳᠠᠭ ᠭᠡᠨ᠎ᠡ ᠃ ᠡᠩ ᠤᠨ ᠴᠠᠭ ᠲᠤ ᠂ ᠡᠮᠴᠢ ᠡᠪᠡᠳᠴᠢᠳᠡᠨ ᠤ ᠡᠪᠡᠳᠴᠢᠨ ᠢ ᠰᠤᠳᠠᠯ ᠢ ᠨᠢ ᠪᠠᠷᠢᠵᠤ ᠤᠨᠤᠰᠢᠯᠠᠬᠤ ᠲᠠᠢ ᠠᠳ᠋ᠠᠯᠢ ᠵᠠᠮ ᠮᠢᠷᠢᠶᠠᠭᠴᠢ ᠴᠦ ᠭᠠᠵᠠᠷ ᠤᠨ ᠰᠤᠳᠠᠯ ᠢ ᠴᠢᠩᠨᠠᠨ ᠬᠡᠨ ᠨᠢᠭᠡᠨ ᠤ ᠡᠨᠡ ᠵᠢᠯ ᠤᠨ ᠤᠴᠠᠷᠠᠯ ᠲᠤᠬᠢᠶᠠᠯ ᠢ ᠲᠦᠯᠭᠡᠳᠡᠵᠦ ᠴᠢᠳᠠᠳᠠᠭ ᠭᠡᠨ᠎ᠡ ᠃ ᠵᠠᠮ ᠮᠢᠷᠢᠶᠠᠭᠴᠢ ᠨᠢ ᠦᠭᠡᠯᠵᠢᠨ ᠰᠠᠷ᠎ᠠ ᠵᠢᠨ ᠬᠤᠷᠢ ᠶᠢᠰᠦᠨ ᠳ᠋ᠦ ᠵᠠᠮ ᠮᠢᠷᠢᠶᠠᠭᠰᠠᠨ ᠤ ᠳᠠᠷᠠᠭ᠎ᠠ ᠶᠠᠭᠤ ᠴᠦ ᠬᠡᠯᠡᠬᠦ ᠦᠭᠡᠢ ᠂ ᠴᠠᠭᠠᠨ ᠰᠠᠷ᠎ᠠ ᠵᠢᠨ ᠰᠢᠨ᠎ᠡ ᠵᠢᠨ ᠳᠤᠯᠤᠭᠠᠨ ᠳ᠋ᠦ ᠬᠤᠶᠠᠳᠡᠬᠢ ᠤᠳᠠᠭ᠎ᠠ ᠵᠠᠮ ᠮᠢᠷᠢᠶᠠᠵᠦ ᠂ ᠰᠢᠨ᠎ᠡ ᠵᠢᠨ ᠨᠠᠢᠮᠠᠨ ᠡᠴᠡ ᠪᠠᠢᠢᠳᠠᠯ ᠢ ᠪᠤᠰᠤᠳ ᠲᠤ ᠬᠡᠯᠡᠳᠡᠭ ᠭᠡᠨ᠎ᠡ ᠃ ᠵᠠᠷᠢᠮ ᠵᠠᠮ ᠮᠢᠷᠢᠶᠠᠭᠴᠢ ᠨᠢ ᠵᠠᠮ ᠮᠢᠷᠢᠶᠠᠭᠰᠠᠨ ᠤ ᠲᠠᠷᠠᠭ᠎ᠠ ᠨᠠᠷᠢᠨ ᠪᠠᠢᠢᠳᠠᠯ ᠢ ᠶᠡᠷᠦᠳᠡᠭᠡᠨ ᠬᠦᠮᠦᠨ ᠳ᠋ᠦ ᠬᠡᠯᠡᠳᠡᠭ ᠦᠭᠡᠢ ᠪᠤᠯᠬᠤᠷ ᠠᠷᠢᠬᠢ ᠤᠤᠭᠤᠯᠭᠠᠵᠤ ᠰᠤᠭᠳᠤᠭᠠᠠᠭᠰᠠᠨ ᠤ ᠲᠠᠷᠠᠭ᠎ᠠ ᠰᠤᠨᠤᠰᠬᠤ ᠵᠡᠷᠭᠡ ᠠᠷᠭ᠎ᠠ ᠬᠡᠷᠡᠭᠯᠡᠳᠡᠭ ᠭᠡᠨ᠎ᠡ ᠃ ᠵᠠ ᠲᠡᠭᠡᠪᠡᠯ ᠂ ᠲᠠᠨᠤᠭ ᠦᠭᠡᠢ ᠬᠦᠮᠦᠨ ᠪᠠᠰᠠ ᠵᠠᠮ ᠮᠢᠷᠢᠶᠠᠳᠠᠭ ᠬᠦᠮᠦᠨ ᠤ ᠦᠯᠢᠶᠡᠬᠦ ᠵᠢ ᠢᠲᠡᠭᠡᠳᠡᠭ ᠦᠭᠡᠢ ᠭᠡᠨ᠎ᠡ ᠃ ᠡᠨᠡ ᠲᠤᠬᠠᠢ ᠶᠠᠷᠢᠪᠠᠯ ᠂ ᠬᠦᠷᠭᠡᠨ ᠠᠬ᠎ᠠ ᠨᠢ ᠤᠢᠢᠷ᠎ᠠ ᠤᠷᠴᠢᠮ ᠳ᠋ᠠᠭᠠᠨ ᠨᠡᠷᠡᠳᠡᠢ ᠵᠠᠮ ᠮᠢᠷᠢᠶᠠᠭᠴᠢ ᠭᠡᠨ᠎ᠡ ᠂ ᠬᠦᠷᠢ ᠲᠡᠭᠦᠦ ᠨᠢ ᠲᠡᠭᠦᠨ ᠤ ᠰᠢᠳᠢ ᠤᠪᠠᠳᠢᠰ ᠲᠠᠢ ᠭᠡᠰᠡᠨ ᠢ ᠶᠠᠭ ᠢᠳᠡᠭᠡᠳᠡᠭ ᠦᠭᠡᠢ ᠲᠤᠯᠠ ᠲᠤᠷᠰᠢᠵᠦ ᠦᠵᠡᠵᠡᠢ ᠃ ᠦᠭᠡᠯᠵᠢᠨ ᠰᠠᠷ᠎ᠠ ᠵᠢᠨ ᠬᠤᠷᠢ ᠶᠢᠰᠦᠨ ᠤ ᠵᠠᠮ ᠮᠢᠷᠢᠶᠠᠳᠠᠭ ᠴᠠᠭ ᠬᠦᠷᠬᠦ ᠳ᠋ᠦ ᠲᠡᠷᠡ ᠪᠠᠭᠠᠴᠢᠬᠠᠭᠠᠳ ᠪᠠᠭᠠᠰᠤ ᠪᠡᠨ ᠄ ︽ ᠬᠦᠷᠭᠡᠨ ᠠᠬ᠎ᠠ ᠵᠢᠨ ᠬᠡᠰᠢᠭ ︾ ᠬᠡᠮᠡᠨ ᠮᠤᠳ᠋ᠤ ᠪᠠᠷ ᠰᠠᠴᠤᠵᠠᠢ ᠃ ᠴᠠᠭᠠᠨ ᠰᠠᠷ᠎ᠠ ᠬᠦᠷᠢ ᠳᠡᠭᠦᠦ ᠨᠢ ᠡᠰᠡ ᠮᠡᠳᠡᠭᠴᠢᠨ ᠪᠤᠯᠵᠦ ᠂ ᠠᠢᠢᠯᠴᠢᠯᠠᠵᠤ ᠤᠴᠢᠭᠰᠠᠨ ᠳ᠋ᠦ ᠂ ᠬᠦᠷᠭᠡᠨ ᠠᠬ᠎ᠠ ᠨᠢ ᠬᠦᠷᠢ ᠳᠡᠭᠦᠦ ᠪᠡᠨ ᠦᠵᠡᠮᠡᠭᠴᠡ ᠬᠠ ᠬᠠ ᠭᠡᠵᠦ ᠢᠨᠢᠶᠡᠭᠡᠳ ᠄ ︽ ᠠᠶ᠎ᠠ ᠂ ᠮᠠᠨ ᠤ ᠬᠦᠷᠢ ᠳᠡᠭᠦᠦ ᠴᠦ ᠨᠠᠮᠠᠢᠢ ᠰᠠᠢᠢᠬᠠᠨ ᠵᠤᠴᠢᠯᠯᠠᠯᠠ ᠃ ᠬᠡᠯᠡᠶ᠎ᠡ ᠭᠡᠰᠡᠨ ᠪᠢ ᠶᠠᠭ ᠢᠳᠡᠵᠦ ᠴᠢᠳᠠᠭᠰᠠᠨ ᠦᠭᠡᠢ ︾ ᠭᠡᠰᠡᠨ ᠭᠡᠨ᠎ᠡ ᠃ ᠁
0
0