ᠲᠠᠨ ᠤ ᠰᠤᠨᠢᠷᠬᠠᠯ
ᠮᠣᠷᠣᠢ ᠰᠣᠷᠣᠢ ᠵᠠᠮᠨᠠᠭᠰᠠᠨ ᠢᠶᠠᠨ ᠪᠣᠳᠣᠬᠣᠯᠠᠷ ᠮᠡᠯᠮᠡᠯᠵᠡᠬᠦ ᠨᠢᠯᠪᠣᠰᠣ ᠪᠦᠮᠪᠦᠷᠢᠨ ᠪᠦᠮᠪᠦᠷᠢᠨ᠎ᠡ
ᠮᠣᠷᠣᠢ ᠰᠣᠷᠣᠢ ᠵᠠᠮᠨᠠᠭᠰᠠᠨ ᠢᠶᠠᠨ ᠪᠣᠳᠣᠬᠣᠯᠠᠷ ᠮᠡᠯᠮᠡᠯᠵᠡᠬᠦ ᠨᠢᠯᠪᠣᠰᠣ ᠪᠦᠮᠪᠦᠷᠢᠨ ᠪᠦᠮᠪᠦᠷᠢᠨ᠎ᠡ
977
2024-08-28 10:46
发表于:内蒙古
ᠪ᠂ ᠠᠯᠳᠠᠨᠪᠠᠭᠠᠨ᠎ᠠ
ᠲᠠᠶᠠᠭᠠᠷ ᠢᠶᠠᠨ ᠰᠠᠢᠢᠨ ᠪᠠᠢᠢᠵᠠᠭᠠᠨᠣ ︖ ᠲᠣᠤᠷ᠎ᠠ ᠪᠢ ᠂ ᠦᠪᠡᠷ ᠦᠨ ᠦᠨᠡᠨ ᠪᠣᠳᠠᠳᠠᠢ ᠬᠠᠷᠢᠭᠣ ᠮᠡᠳᠡᠭᠦᠯᠦᠯᠳᠡ ᠪᠡᠨ ᠲᠠ ᠨᠠᠷ ᠲᠠᠢ ᠪᠡᠨ ᠬᠣᠪᠢᠶᠠᠯᠴᠠᠶᠠ ︕
ᠪᠢ ᠪᠣᠯ ᠂ ᠬᠢᠩᠭᠠᠨ ᠠᠢᠮᠠᠭ ᠤᠨ ᠵᠠᠯᠠᠢᠢᠳ ᠬᠣᠰᠢᠭᠣᠨ ᠤ ᠠᠷᠪᠠᠠᠭᠡᠷ ᠭᠣᠤᠯ ᠰᠣᠷᠭᠠᠭᠣᠯᠢ ᠡᠴᠡ ᠠᠵᠢᠯ ᠤᠨ ᠠᠮᠷᠠᠯᠲᠠ ᠪᠠᠨ ᠠᠪᠣᠭᠰᠠᠨ ᠵᠢᠷᠠᠨ ᠬᠣᠶᠠᠷ ᠨᠠᠰᠣ ᠲᠠᠢ ᠨᠢᠭᠡᠨ ᠮᠣᠩᠭᠤᠯ ᠬᠡᠯᠡᠨ ᠦ ᠪᠠᠭᠰᠢ᠃ ᠮᠢᠨᠣ ᠨᠡᠷ᠎ᠡ ᠪᠣᠯ ᠪᠣᠤ ᠵᠢᠨᠵᠣᠸᠠᠨᠭᠽᠢ ᠭᠡᠳᠡᠭ ᠃
ᠲᠣᠮᠲᠠᠳᠣ ᠰᠣᠷᠭᠠᠭᠤᠯᠢ ᠵᠢᠴᠢ ᠪᠠᠭ᠎ᠠ ᠰᠣᠷᠭᠠᠭᠣᠯᠢ ᠶᠢᠨ ᠲᠡᠭᠡᠳᠦ ᠣᠨ ᠤ ᠮᠣᠩᠭᠤᠯ ᠬᠡᠯᠡ ᠶᠢ ᠲᠦᠴᠢᠭᠡᠳ ᠵᠢᠯ ᠦᠨ ᠲᠣᠷᠰᠢ ᠵᠢᠭᠠᠨ ᠰᠣᠷᠭᠠᠵᠣ ᠶᠠᠪᠣᠬᠣ ᠳᠤ ᠪᠠᠨ ᠠᠮᠢᠳᠣᠷᠠᠯ ᠮᠢᠨᠢ ᠮᠠᠰᠢ ᠵᠤᠯ ᠵᠢᠷᠭᠠᠯ ᠲᠠᠢ ᠰᠢᠭᠣᠳ ᠰᠢᠯᠣᠭᠤᠨ ᠶᠠᠪᠣᠭᠳᠠᠵᠤ ᠢᠷᠡᠭᠰᠡᠨ ᠶᠤᠮ ᠡ ᠃ ᠶᠠᠮᠠᠷ ᠣᠴᠢᠷ ᠠᠴᠠ ᠪᠣᠯᠤᠭᠰᠠᠨ ᠢ ᠪᠣᠤ ᠮᠡᠳᠡ ︕ 2017 ᠣᠨ ᠡᠴᠡ ᠨᠠᠰᠢ ᠮᠢᠨᠣ ᠦᠷᠬᠦᠯᠵᠢ ᠲᠠᠭᠠᠭᠠᠴᠢᠯᠠᠳᠠᠬ ᠪᠠᠭ᠎ᠠ ᠰᠣᠷᠭᠠᠭᠣᠯᠢ ᠶᠢᠨ ᠵᠢᠷᠭᠤᠭ᠎ᠠ ᠳ᠋ᠣᠭᠠᠷ ᠣᠨ ᠤ ᠲᠡᠭᠦᠰᠬᠦ ᠰᠤᠷᠤᠭᠴᠢᠳ ᠤᠨ ᠬᠢᠷᠢ ᠪᠦᠳᠦᠮᠵᠢ ᠵᠢᠯ ᠡᠴᠡ ᠵᠢᠯ ᠡᠳᠦᠷ ᠡᠴᠡ ᠡᠳᠦᠷ ᠲᠣᠷᠣᠭᠰᠢᠯᠠᠭᠠᠳ ᠰᠠᠨᠠᠭ᠎ᠠ ᠰᠡᠳᠭᠢᠯ ᠢ ᠮᠢᠨᠢ ᠶᠠᠭᠠᠬᠢᠬᠦ ᠶᠢᠨ ᠠᠷᠭ᠎ᠠ ᠦᠭᠡᠢ ᠰᠦᠷᠡᠬᠡᠢ ᠵᠣᠪᠠᠭᠠᠵᠤ ᠢᠷᠡᠭᠰᠡᠨ ᠶᠤᠮ ᠃ ᠵᠠᠷᠢᠮ ᠳᠤ ᠪᠠᠨ ᠵᠢᠷᠭᠣᠭ᠎ᠠ ᠳ᠋ᠣᠭᠠᠷ ᠣᠨ ᠤ ᠰᠢᠨ᠎ᠡ ᠬᠣᠭᠤᠴᠠᠭ᠎ᠠ ᠡᠬᠢᠯᠡᠬᠦ ᠳᠦ ᠬᠠᠭᠠᠰ ᠲᠣᠭᠠᠨ ᠤ ᠰᠤᠷᠤᠭᠴᠢ ᠨᠢ ᠴᠠᠭᠠᠨ ᠲᠣᠯᠤᠭᠠᠢ ᠪᠠᠨ ᠴᠣ ᠡᠵᠡᠮᠰᠢᠵᠦ ᠲᠡᠢᠢᠯᠦᠭᠰᠡᠨ ᠦᠭᠡᠢ ᠂ ᠨᠢᠭᠡᠳᠦᠭᠡᠷ ᠣᠨ ᠤ ᠬᠢᠷᠢ ᠪᠦᠳᠦᠮᠵᠢ ᠴᠣ ᠪᠠᠢᠢᠳᠠᠭ ᠦᠭᠡᠢ ᠃ ᠡᠢᠢᠮᠦᠷᠬᠦ ᠰᠢᠨ᠎ᠡ ᠰᠣᠷᠣᠭᠴᠢ ᠠᠡᠩᠭᠢ ᠲᠦᠭᠦᠷᠴᠦ ᠦᠭᠡᠳᠡ ᠡᠴᠡ ᠬᠠᠷᠠᠬᠣ ᠳᠤ ᠰᠡᠳᠭᠢᠯ ᠵᠢᠷᠦᠬᠡ ᠮᠢᠨᠢ ᠰᠢᠮᠰᠢᠷᠡᠵᠦ ᠂ ᠰᠡᠳᠭᠢᠮᠵᠢ ᠣᠶᠤᠨ ᠮᠢᠨᠢ ᠰᠠᠮᠣᠭᠣᠷᠠᠨᠠ ᠃ ᠬᠢᠴᠢᠶᠡᠯ ᠢᠶᠡᠨ ᠬᠡᠷᠬᠢᠨ ᠶᠠᠪᠣᠭᠳᠠᠭᠤᠯᠵᠤ ᠂ ᠬᠢᠷᠢ ᠪᠦᠳᠦᠮᠵᠢ ᠶᠢ ᠨᠢ ᠶᠠᠭᠠᠬᠢᠵᠦ ᠴᠣ ᠪᠠᠳᠤᠯᠠᠶ᠎ᠠ ︕ ᠡᠢᠢᠮᠦᠷᠬᠦ ᠪᠠᠢᠳᠠᠯ ᠢ ᠦᠭᠡᠷᠡᠴᠢᠯᠡᠬᠦ ᠪᠡᠷ ᠰᠣᠷᠭᠠᠭᠣᠯᠢ ᠶᠢᠨ ᠤᠳᠤᠷᠢᠳᠤᠯᠭ᠎ᠠ ᠡᠴᠡ ᠪᠠᠰᠠ ᠡᠷᠳᠡ ᠣᠷᠤᠢ ᠶᠢᠨ ᠲᠠᠪᠳᠠᠯᠭ᠎ᠠ ᠲᠣᠬᠢᠷᠠᠭᠤᠯᠤᠨ ᠦᠭᠴᠦ ᠵᠠᠪᠠᠯ ᠣᠬᠤᠷᠬᠠᠨ ᠬᠣᠭᠤᠴᠠᠭᠠᠨ ᠳᠤ ᠮᠡᠳᠡᠭᠳᠡᠮ᠎ᠡ ᠲᠠᠪᠰᠢᠯᠲᠠ ᠭᠠᠷᠭᠠᠬᠣ ᠬᠡᠷᠡᠭᠳᠡᠢ ᠬᠡᠮᠡᠨ ᠬᠠᠳᠠᠭᠣ ᠵᠠᠷᠯᠢᠭ ᠪᠠᠭᠤᠯᠭᠠᠳᠠᠭ ᠃ ᠵᠠ ᠶᠠᠭᠠᠮᠠᠢ ︕ ᠲᠣᠯᠤᠭᠠᠳ ᠢᠷᠡᠭᠰᠡᠨ ᠬᠦᠴᠢᠷ ᠢ ᠲᠤᠭᠤᠯᠵᠣ ᠭᠠᠷᠬᠤ ᠯᠠ ᠬᠡᠷᠡᠭᠲᠡᠢ ᠪᠣᠯᠵᠠᠢ ᠃ ᠡᠳᠦᠷ ᠨᠢ ᠰᠢᠨ᠎ᠡ ᠬᠢᠴᠢᠶᠡᠯ ᠢᠶᠡᠨ ᠶᠠᠪᠣᠭᠳᠠᠭᠤᠯᠵᠤ ᠂ ᠡᠷᠳᠡ ᠣᠷᠤᠢ ᠶᠢᠨ ᠲᠠᠪᠲᠠᠯᠭ᠎ᠠ ᠳᠤ ᠰᠠᠭᠤᠷᠢ ᠮᠡᠳᠡᠯᠭᠡ ᠶᠢ ᠨᠢ ᠨᠦᠬᠦᠪᠦᠷᠢᠯᠡᠨ ᠂ ᠣᠯᠠᠩᠬᠢ ᠳᠤ ᠪᠠᠨ ᠡᠷᠳᠡ ᠶᠢᠨ ᠪᠤᠳᠠᠭ᠎ᠠ ᠪᠠᠨ ᠤᠮᠠᠷᠳᠠᠨ ᠂ ᠦᠳᠡᠰᠢ ᠶᠢᠨ ᠨᠣᠢᠢᠷ ᠢᠶᠠᠨ ᠠᠯᠳᠠᠨ ᠂ ᠬᠡᠳᠦᠨ ᠵᠢᠯ ᠢᠶᠡᠷ ᠰᠢᠷᠭᠠᠭᠣ ᠬᠠᠳᠠᠭᠤᠵᠢᠯᠲᠠᠢ ᠠᠵᠢᠯᠯᠠᠵᠣ ᠶᠠᠪᠤᠭᠰᠠᠭᠠᠷ 2019 ᠣᠨ ᠤ ᠵᠤᠨ ᠤ ᠦᠶᠡᠰ ᠢᠶᠡᠷ ᠭᠠᠳᠠᠭᠠᠯᠠᠬᠣ ᠳᠤ ᠵᠠᠷᠢᠮ ᠳᠤ ᠪᠠᠨ ᠴᠢᠰᠣ ᠲᠠᠭᠠᠨ ᠭᠠᠷᠴᠤ ᠪᠠᠢᠢᠯ᠎ᠠ ᠃ ᠲᠡᠭᠦᠰᠬᠦ ᠣᠨ ᠤ ᠰᠤᠷᠤᠭᠴᠢ ᠬᠡᠮᠡᠨ ᠠᠵᠢᠯ ᠵᠢᠡᠨ ᠴᠢᠬᠤᠯᠠᠴᠢᠯᠠᠨ ᠂ ᠠᠰ ᠤᠨ ᠪᠡᠶ᠎ᠡ ᠶᠢᠨ ᠡᠷᠡᠭᠦᠯ ᠴᠢᠬᠢᠷᠠᠭ ᠵᠢᠡᠨ ᠤᠮᠳᠤᠭᠠᠢᠢᠯᠠᠵᠤ ᠂ ᠪᠡᠶ᠎ᠡ ᠶᠢᠨ ᠪᠠᠢᠢᠴᠠᠭᠠᠯᠳᠠ ᠪᠠᠨ ᠬᠠᠢᠢᠬᠤᠷᠤᠯ ᠦᠭᠡᠢ ᠬᠣᠢᠢᠰᠢᠯᠠᠭᠣᠯᠵᠣ ᠂ ᠢᠩᠭᠢᠵᠦ ᠯᠠ ᠨᠢᠭᠡ ᠰᠡᠳᠭᠢᠯ ᠨᠢᠭᠡ ᠵᠣᠷᠢᠭ ᠢᠶᠠᠷ ᠠᠵᠢᠯᠯᠠᠭᠠᠳ ᠂ ᠡᠴᠦᠰ ᠲᠦ ᠪᠡᠨ ᠬᠠᠷᠠᠮᠰᠠᠯ ᠭᠡᠮᠰᠢᠯ ᠪᠣᠯᠤᠨ᠎ᠠ ᠭᠡᠵᠦ ᠬᠡᠨ ᠮᠡᠳᠡᠭᠰᠡᠨ ᠳ᠋ᠠ ︕ ᠮᠢᠨᠣ ᠡᠪᠡᠳᠴᠢᠨ ᠢᠩᠭᠢᠭᠡᠳ ᠯᠠ ᠢᠷᠡᠭᠰᠡᠨ ᠪᠠᠢᠢᠬᠣ ᠮᠠᠭᠠᠳ ᠶᠤᠮ ᠃ ᠵᠣᠳ ᠲᠠᠢ ᠵᠤᠨ ᠲᠠᠢ ᠶᠢᠷᠳᠢᠨᠴᠣ ᠂ ᠵᠣᠪᠠᠯᠠᠩ ᠵᠢᠷᠭᠠᠯᠠᠩ ᠬᠣᠣᠰᠯᠠᠭᠰᠠᠨ ᠡᠨᠡᠬᠦ ᠬᠣᠷᠸ᠎ᠠ ᠳᠤ ᠂ ᠰᠢᠭᠣᠳ ᠰᠢᠯᠣᠭᠤᠨ ᠵᠠᠮ ᠭᠡᠵᠦ ᠨᠡᠬᠡᠷᠡᠨ ᠪᠠᠢᠢᠭᠰᠠᠨ ᠦᠭᠡᠢ ᠠᠵᠠᠢ ᠃ 2020 ᠣᠨ ᠦ ᠡᠪᠦᠯ᠂ ᠬᠠᠷᠠᠩᠭᠣᠢ ᠵᠣᠪᠠᠯᠠᠩ ᠨᠠᠳᠠ ᠣᠷᠣᠭᠤ ᠬᠠᠢᠢᠷ᠎ᠠ ᠨᠠᠢᠢᠷ ᠦᠭᠡᠢ ᠲᠠᠭᠠᠷᠢᠨ ᠢᠷᠡᠪᠡ ᠃ ᠲᠣᠰ ᠵᠢᠯ ᠦᠨ ᠡᠪᠦᠯ ᠦᠨ ᠠᠮᠠᠷᠠᠯᠲᠠ ᠳᠤ ᠪᠢ ᠬᠣᠰᠢᠭᠣᠨ ᠤ ᠪᠠᠨ ᠮᠣᠩᠭᠤᠯ ᠡᠮᠨᠡᠯᠭᠡ ᠶᠢᠨ ᠬᠣᠷᠢᠶ᠎ᠠ ᠬᠦᠷᠴᠦ ᠭᠡᠳᠡᠰᠥᠨ ᠦ ᠪᠠᠢᠢᠴᠠᠭᠠᠯᠳᠠ ᠬᠢᠯᠭᠡᠭᠰᠡᠨ ᠦ ᠳ᠋ᠦᠩ ᠳᠦ ︽ ᠬᠣᠳᠣᠷᠢᠩᠬᠠᠢ ᠭᠡᠳᠡᠰᠥᠨ ᠦ ᠦᠮᠠᠨ ︾ ︵ᠵᠢᠶ᠋ᠢᠸ ᠴᠠᠩ ᠠᠢ︶ ᠭᠡᠬᠦ ᠣᠨᠤᠰᠢᠯᠲᠠ ᠶᠢ ᠣᠯᠪᠠ ᠃ ᠡᠢᠢᠨᠬᠦ ᠲᠡᠭᠷᠢ ᠭᠠᠵᠠᠷ ᠬᠠᠷᠠᠩᠭᠣᠢᠢᠳᠤᠨ ᠂ ᠡᠯᠢᠭᠡ ᠵᠢᠷᠦᠬᠡ ᠡᠮᠲᠡᠷᠡᠵᠦ ᠂ ᠡᠨᠡᠯᠤᠯ ᠰᠢᠨᠠᠯᠤᠯ ᠤᠨ ᠲᠣᠮᠲᠠ ᠡᠳᠦᠷ ᠬᠣᠨᠤᠭ ᠢ ᠨᠦᠭᠴᠢᠭᠡᠨ ᠂ ᠡᠲᠡᠭᠡᠳ ᠦᠮᠠᠨ ᠲᠠᠢ ᠡᠴᠦᠰ ᠲᠦ ᠨᠢ ᠲᠣᠯᠲᠠᠯ᠎ᠠ ᠲᠡᠮᠡᠴᠡᠬᠦ ᠭᠠᠰᠢᠭᠣᠨ ᠠᠶᠠᠯᠠᠯ ᠮᠢᠨᠢ ᠢᠩᠭᠢᠵᠦ ᠯᠠ ᠡᠬᠢᠯᠡᠭᠰᠡᠨ ᠪᠠᠢᠢᠨᠠᠮ ᠃ ᠲᠣᠰ ᠵᠢᠯ ᠦᠨ 12 ᠳ᠋ᠣᠭᠠᠷ ᠰᠠᠷ᠎ᠠ ᠳᠤ ᠦᠪᠦᠷ ᠮᠣᠩᠭᠤᠯ ᠤᠨ ᠬᠠᠪᠣᠳᠠᠷ ᠤᠨ ᠡᠮᠨᠡᠯᠭᠡ ᠶᠢᠨ ᠬᠣᠷᠢᠶ᠎ᠠ ᠳᠦ ᠪᠠᠢᠢᠴᠠᠭᠠᠯᠳᠠ ᠬᠢᠭᠡᠳ ᠠᠭᠣᠰᠬᠢᠨ ᠲᠡᠭᠡᠷ᠎ᠡ ᠪᠠᠰᠠ ᠨᠢᠭᠡᠨ ᠲᠣᠰᠤᠯ ᠬᠦᠪᠲᠦᠷᠦᠦ ᠲᠠᠢ ᠬᠡᠮᠡᠨ ᠣᠨᠣᠰᠢᠯᠠᠵᠣ ᠂ ᠣᠷᠢᠲᠠᠪᠡᠷ ᠭᠡᠳᠡᠰᠦᠨ ᠦ ᠮᠠᠰᠠ ᠵᠠᠰᠠᠯ ᠬᠢᠵᠦ ᠲᠠᠷᠠᠭ᠎ᠠ ᠨᠢ ᠠᠭᠣᠰᠬᠢᠨ ᠤ ᠮᠠᠰᠠ ᠵᠠᠰᠠᠯ ᠬᠢᠬᠦ ᠬᠡᠷᠡᠭᠲᠡᠢ ᠪᠣᠯᠵᠠᠢ ᠃ ᠪᠣᠷᠬᠠᠨ ᠲᠡᠭᠷᠢ ᠮᠢᠨᠢ ᠨᠠᠳᠠ ᠶᠢ ᠢᠩᠭᠢᠵᠦ ᠯᠠ ᠪᠣᠷᠣᠭᠤ ᠨᠢᠳᠦ ᠪᠡᠷ ᠦᠵᠡᠵᠦ ᠂ ᠪᠦᠲᠦᠷᠢᠭᠰᠡᠨ ᠲᠡᠭᠡᠷ᠎ᠡ ᠨᠢᠳᠣᠷᠴᠣ ᠂ ᠪᠣᠭᠣᠷᠣᠯ ᠲᠡᠯᠡᠬᠡᠢ ᠳᠦ ᠪᠡᠨ ᠪᠠᠭᠲᠠᠭᠠᠬᠣ ᠪᠠᠨ ᠪᠣᠯᠢᠴᠢᠬᠠᠭᠰᠠᠨ ᠦᠦ ︖ ︽ ᠬᠢᠯᠢᠰ ᠡ ︕ ︾ ᠭᠡᠵᠦ ᠬᠠᠷᠠᠬᠣ ᠨᠢᠳᠦ ᠪᠡᠨ ᠣᠯᠠᠢᠢᠲᠠᠯᠠ ᠣᠬᠢᠯᠠᠨ ᠬᠠᠢᠢᠯᠠᠭᠰᠠᠨ ᠴᠣ ᠂ ᠶᠠᠮᠠᠷ ᠯᠠ ᠲᠣᠰᠠ ᠪᠠᠢᠬᠣ ᠪᠢᠯᠡ ᠃ ᠬᠡᠶ᠎ᠡ ᠂ ᠬᠡᠴᠢᠨᠡᠨ ᠵᠣᠪᠠᠵᠤ ᠭᠣᠳᠤᠭᠰᠠᠨ ᠴᠣ ᠶᠠᠭᠠᠮᠠᠢ ︕ ᠭᠠᠮᠰᠢᠭᠳᠠᠭᠠᠳ ᠢᠷᠡᠭᠰᠡᠨ ᠵᠣᠪᠠᠯᠠᠩ ᠢ ᠭᠠᠲᠣᠯᠠᠭᠠᠳ ᠭᠠᠷᠬᠣ ᠯᠠ ᠬᠡᠷᠡᠭ ᠪᠣᠯᠵᠠᠢ ᠃ ᠲᠡᠭᠡᠭᠡᠳ 2021 ᠣᠨ ᠤ ᠨᠢᠭᠡᠳᠦᠭᠡᠷ ᠰᠠᠷ᠎ᠠ ᠳᠤ ᠭᠡᠳᠡᠰᠥᠨ ᠦ ᠮᠠᠰᠠ ᠵᠠᠰᠠᠯ ᠬᠢᠯᠭᠡᠪᠡ ᠃ ᠵᠣᠯ ᠢᠶᠠᠷ ᠮᠠᠰᠠ ᠵᠠᠰᠠᠯ ᠮᠠᠰᠢ ᠠᠮᠵᠢᠯᠲᠠ ᠲᠠᠢ ᠪᠡᠶᠡᠯᠡᠭᠳᠡᠵᠦ ᠂ ᠨᠢᠭᠡ ᠰᠠᠷ᠎ᠠ ᠶᠢᠨ ᠲᠣᠳᠣᠷ᠎ᠠ ᠢᠯᠡᠷᠢᠰᠢᠨ ᠲᠡᠩᠬᠡᠵᠢᠭᠡᠳ ᠲᠠᠷᠠᠭ᠎ᠠ ᠰᠠᠷ᠎ᠠ ᠨᠢ ᠬᠣᠶᠠᠳᠡᠬᠢ ᠣᠳᠠᠭᠠᠨ ᠤ ᠮᠠᠰᠠ ᠵᠠᠰᠠᠯ ᠬᠢᠵᠦ ᠂ ᠨᠢᠭᠡ ᠠᠭᠣᠰᠬᠢᠨ ᠤ ᠪᠠᠨ ᠬᠠᠭᠠᠰ ᠢᠯᠡᠭᠦᠦ ᠶᠢ ᠣᠭᠳᠣᠯᠤᠨ ᠣᠷᠬᠢᠯ᠎ᠠ ᠃ ᠲᠣᠰ ᠮᠠᠰᠠ ᠵᠠᠰᠠᠯ ᠤᠨ ᠲᠠᠷᠠᠭ᠎ᠠ ᠂ ᠠᠭᠣᠰᠬᠢᠨ ᠲᠡᠭᠡᠷᠡᠬᠢ ᠡᠨᠡᠬᠦ ᠬᠦᠪᠲᠦᠷᠦᠦ ᠨᠢ ᠬᠣᠣᠷ ᠦᠭᠡᠢ ᠭᠡᠳᠡᠭ ᠲᠣᠳᠣᠯᠣᠯᠲᠠ ᠶᠢ ᠣᠯᠵᠤ ᠮᠡᠳᠡᠭᠡᠳ ᠲᠣᠢᠢᠯ ᠢᠶᠠᠷ ᠭᠡᠮᠰᠢᠯ᠎ᠡ ᠃ ᠲᠣᠬᠠᠢ ᠶᠢᠨ ᠦᠶᠡᠰ ᠂ ᠨᠠ ᠪᠠᠭᠰᠢ ᠶᠢᠨ ᠡᠨᠡᠬᠦ ︽ ᠪᠡᠶ᠎ᠡ ᠰᠡᠳᠭᠢᠴᠡ ᠶᠢ ᠣᠶᠠᠯᠳᠣᠭᠤᠯᠬᠣ ᠵᠠᠰᠠᠯ ︾ ᠭᠡᠳᠡᠭ ᠢ ᠪᠢ ᠣᠯᠵᠤ ᠰᠣᠨᠣᠰᠣᠭᠰᠠᠨ ᠪᠣᠯᠪᠠᠴᠤ ᠡᠢᠢᠮᠦᠷᠬᠦ ᠭᠠᠢᠬᠠᠮᠰᠢᠭ ᠲᠠᠢ ᠭᠡᠳᠡᠭ ᠢ ᠮᠡᠳᠡᠬᠦ ᠦᠭᠡᠢ ᠪᠠᠢᠢᠭᠰᠠᠨ ᠠᠵᠠᠢ ︕ ᠢᠩᠭᠢᠵᠦ ᠯᠠ ᠬᠢᠬᠦ ᠦᠭᠡᠢ ᠳᠦ ᠪᠣᠯᠴᠢᠬᠠᠬᠤ ᠮᠠᠰᠠ ᠵᠠᠰᠠᠯ ᠢ ᠬᠢᠴᠢᠬᠡᠭᠡᠳ ᠠᠭᠣᠰᠬᠢ ᠡᠷᠬᠡᠳᠡᠨ ᠢᠶᠡᠨ ᠭᠡᠮᠰᠢᠭᠦᠯᠵᠦ ᠭᠡᠮᠲᠦᠭᠡᠵᠦ ᠶᠠᠪᠣᠭᠰᠠᠨ ᠨᠢ ᠨᠠᠳᠠᠳᠤ ᠨᠢᠭᠡᠨ ᠣᠳᠠᠭᠠᠨ ᠤ ᠲᠤᠩ ᠮᠣᠷᠣᠢ ᠰᠣᠷᠤᠢ ᠵᠠᠮᠨᠠᠭᠰᠠᠨ ᠲᠣᠢᠢᠯ ᠤᠨ ᠬᠠᠷᠠᠮᠰᠠᠯᠲᠠᠢ ᠬᠡᠷᠡᠭ ᠪᠣᠯᠵᠠᠢ ᠃ ᠪᠣᠶᠠᠨ ᠵᠠᠶᠠᠭ᠎ᠠ ᠮᠢᠨᠢ ᠬᠡᠴᠢᠨᠡᠨ ᠨᠢᠮᠬᠡᠨ ᠪᠠᠢᠭᠰᠠᠨ ᠠᠵᠠᠢ ᠬᠡᠷᠪᠡ ᠡᠷᠲᠡ ᠨᠢᠭᠡᠨ ᠡᠳᠦᠷ ︽ᠠᠵᠠᠲᠠᠢ ︾ ᠲᠠᠢ ᠪᠡᠨ ᠬᠣᠪᠢ ᠵᠠᠶᠠᠭ᠎ᠠ ᠪᠠᠨ ᠬᠣᠯᠪᠤᠭᠠᠳ ᠠᠮᠵᠢᠭᠰᠠᠨ ᠪᠣᠯ ᠪᠢ ᠶᠠᠭᠠᠬᠢᠭᠰᠠᠨ ᠴᠤ ᠡᠨᠡᠬᠦ ᠣᠳᠠᠭᠠᠨ ᠤ ᠮᠠᠰᠠ ᠵᠠᠰᠠᠯ ᠢ ᠬᠢᠬᠦ ᠦᠭᠡᠢ ᠪᠠᠢᠢᠵᠦ ᠂ ᠪᠠᠰᠠ ᠨᠢᠭᠡᠨ ᠣᠳᠠᠭᠠᠨ ᠤ ᠵᠣᠪᠠᠯᠠᠩ ᠡᠴᠡ ᠬᠡᠯᠲᠦᠷᠢᠵᠦ ᠪᠣᠯᠬᠤ ᠨᠢ ᠯᠠᠪᠲᠠᠢ ᠪᠠᠢᠬ᠎ᠠ ᠃ 2022 ᠣᠨ ᠤ 4 ᠰᠠᠷ᠎ᠠ ᠳᠤ ᠂ ᠬᠢᠩᠭᠠᠨ ᠠᠢᠮᠠᠭ ᠤᠨ ᠮᠣᠩᠭᠤᠯ ᠡᠮᠨᠡᠯᠭᠡ ᠶᠢᠨ ᠬᠣᠷᠢᠶ᠎ᠠ ᠳᠤ ᠲᠠᠬᠢᠨ ᠪᠠᠢᠢᠴᠠᠭᠠᠯᠳᠠ ᠬᠢᠭᠰᠡᠨ ᠳᠤ ᠡᠯᠢᠭᠡᠨ ᠲᠡᠭᠡᠷ᠎ᠡ ᠣᠯᠠᠨ ᠬᠦᠪᠲᠦᠷᠦᠦ ᠰᠢᠯᠵᠢᠨ ᠣᠷᠭᠣᠯᠠ ᠭᠡᠰᠡᠨ ᠣᠨᠤᠰᠢᠯᠲᠠ ᠶᠢ ᠣᠯᠵᠣ ᠂ ᠲᠣᠰ ᠡᠮᠨᠡᠯᠭᠡ ᠶᠢᠨ ᠬᠣᠷᠢᠶᠠᠨ ᠦ ᠡᠮᠴᠢ ᠶᠢᠨ ︽ ᠲᠠᠨ ᠤ ᠡᠨᠡᠬᠦ ᠬᠠᠪᠣᠳᠠᠷ ᠬᠦᠪᠲᠦᠷᠦᠦ ᠶᠢ ᠮᠠᠨ ᠤ ᠡᠨᠳᠡ ᠮᠠᠰᠠ ᠵᠠᠰᠠᠯ ᠬᠢᠵᠦ ᠲᠡᠢᠢᠯᠬᠦ ᠦᠭᠡᠢ ᠵᠦᠪᠬᠡᠨ ᠬᠢᠮᠢ ᠶᠢᠨ ᠵᠠᠰᠠᠯ ᠬᠢᠵᠦ ᠪᠠᠭᠠᠰᠬᠠᠵᠣ ᠬᠣᠷᠢᠭᠠᠵᠣ ᠲᠡᠢᠢᠯᠦᠨᠡ ︾ ᠭᠡᠬᠦ ᠶᠢ ᠰᠤᠨᠣᠰᠣᠭᠠᠳ ᠰᠠᠨᠳᠣᠷᠴᠣ ᠵᠣᠪᠠᠭᠰᠠᠨ ᠢ ᠬᠡᠯᠡᠪᠡᠯ ᠬᠡᠳᠦᠨ ᠦᠭᠡ ᠪᠡᠷ ᠢᠯᠡᠳᠭᠡᠬᠦ ᠶᠢᠨ ᠠᠷᠭ᠎ᠠ ᠦᠭᠡᠢ ︕ ᠣᠳᠤ ᠶᠠᠭᠠᠬᠢᠳᠠᠭ ᠪᠢᠯᠡ ︖ ᠠᠮᠢ ᠨᠠᠰᠣ ᠮᠢᠨᠢ ᠢᠩᠭᠢᠵᠦ ᠯᠠ ᠵᠣᠪᠠᠵᠤ ᠭᠣᠳᠤᠭᠰᠠᠭᠠᠷ ᠲᠡᠭᠦᠰᠬᠦ ᠨᠢ ᠦᠦ ︖ ᠲᠣᠲᠤᠨᠤ ᠬᠠᠢᠢᠷᠠᠲᠣ ᠡᠬᠡᠨᠠᠷ ᠢᠶᠠᠨ ᠪᠣᠳᠤᠭᠠᠳ ᠲᠣᠲᠤᠭᠠᠲᠣ ᠰᠡᠳᠭᠢᠯ ᠦᠨ ᠬᠠᠷᠠᠯᠠᠭᠰᠠᠨ ᠭᠡᠵᠦ ᠡ ︕ ᠣᠬᠠᠭᠠᠨ ᠲᠦᠬᠦᠭᠡ ᠲᠡᠶ ᠬᠡᠣᠬᠡᠳ ᠣᠮᠪᠤᠯ ᠢᠶᠠᠨ ᠰᠠᠨᠠᠭᠠᠯᠵᠠᠭᠠᠳ ᠡᠯᠢᠭᠡ ᠵᠢᠷᠦᠬᠡᠨ ᠦ ᠭᠠᠰᠢᠭᠣᠳᠠᠭᠰᠠᠨ ᠭᠡᠵᠦ ᠡ ︕ ᠢᠩᠭᠢᠵᠦ ᠯᠠ ᠵᠣᠪᠠᠵᠤ ᠭᠠᠰᠢᠭᠣᠳᠠᠵᠤ ᠪᠠᠢᠳᠠᠯ᠎ᠠ ᠠᠯᠢ ᠨᠢᠭᠡᠨ ᠬᠦᠦ ᠶᠢ ᠪᠣᠤ ᠮᠡᠳᠡ ︽ ᠨᠠ ᠪᠠᠭᠰᠢ ᠶᠢᠨ ᠬᠢᠴᠢᠶᠡᠯ ᠢ ᠰᠣᠨᠤᠰᠪᠠᠯ ᠢᠯᠡᠷᠢ ᠪᠣᠯᠴᠢᠬᠠᠬᠤ ᠮᠠᠭᠠᠳ ᠦᠭᠡᠢ ︾ ᠭᠡᠳ ᠬᠢᠴᠢᠶᠡᠯ ᠦᠨ ᠲᠣᠬᠠᠢ ᠲᠦᠭᠦᠮ ᠲᠠᠢᠢᠯᠪᠦᠷᠢᠯᠠᠵᠣ ᠭᠠᠷᠣᠯ᠎ᠠ ᠃ ᠡᠨᠡ ᠦᠶᠡᠰ ᠪᠢ ᠴᠢᠨᠢ ᠡᠭᠦᠨ ᠢ ᠨᠢ ᠬᠡᠷᠬᠢᠨ ᠢᠲᠡᠭᠡᠬᠦ ᠪᠢᠯᠡ ︕ ᠲᠸᠯᠸᠢᠰ ᠦᠵᠡᠭᠡᠳ ᠡᠢᠮᠣ ᠬᠦᠨᠳᠦ ᠡᠪᠡᠳᠴᠢᠨ ᠡᠳᠡᠭᠡᠷᠡᠴᠢᠬᠡᠳᠡᠭ ᠪᠣᠯ ᠲᠡᠯᠡᠬᠡᠢ ᠶᠢᠷᠳᠢᠨᠴᠣ ᠶᠢᠨ ᠡᠮᠨᠡᠯᠭᠡ ᠶᠢᠨ ᠬᠣᠷᠢᠶ᠎ᠠ ᠴᠦᠮ ᠡᠭᠦᠳᠡ ᠪᠡᠨ ᠬᠠᠭᠠᠴᠢᠬᠠᠬᠣ ᠦᠭᠡᠢ ᠦᠦ ︖ ᠭᠡᠵᠦ ᠲᠣᠲᠤᠷ᠎ᠠ ᠪᠠᠨ ᠪᠣᠳᠣᠭᠠᠳ ᠬᠦᠦ ᠶᠢᠨ ᠢᠶᠡᠨ ᠠᠯᠳᠠ ᠡᠴᠡ ᠦᠨ᠎ᠡ ᠲᠡᠶ ᠡᠷᠬᠢᠮ ᠰᠠᠨᠠᠭᠣᠯᠭ᠎ᠠ ᠶᠢ ᠣᠢᠢᠰᠢᠶᠠᠭᠰᠠᠨ ᠴᠣ ᠦᠭᠡᠢ ᠦᠩᠭᠡᠷᠡᠭᠦᠯᠵᠦ ᠂ ᠪᠡᠭᠡᠵᠢᠩ ᠬᠦᠷᠴᠦ ᠡᠮᠨᠡᠭᠦᠯᠬᠦ ᠪᠡᠷ ᠲᠣᠭᠲᠠᠨ ᠂ ᠲᠦᠷᠪᠡᠨ ᠰᠠᠷ᠎ᠠ ᠶᠢᠨ 20 ᠦ ᠡᠳᠦᠷ ᠪᠡᠭᠡᠵᠢᠩ ᠣᠷᠤᠵᠣ ᠂ 21 ᠦ ᠡᠳᠦᠷ ᠡᠴᠡ 26 ᠦ ᠡᠳᠦᠷ ᠪᠤᠯᠲᠠᠯ᠎ᠠ ᠪᠡᠭᠡᠵᠢᠩ ᠶᠡᠬᠡ ᠰᠣᠷᠭᠠᠭᠣᠯᠢ ᠶᠢᠨ ᠬᠠᠪᠣᠳᠠᠷ ᠤᠨ ᠡᠮᠨᠡᠯᠭᠡ ᠶᠢᠨ ᠬᠣᠷᠢᠶ᠎ᠠ ᠳᠤ ᠡᠯ᠎ᠡ ᠵᠦᠢᠯ ᠦᠨ ᠪᠠᠢᠢᠴᠠᠭᠠᠯᠳᠠ ᠪᠠᠨ ᠪᠦᠬᠦᠨ ᠢ ᠬᠢᠵᠦ ᠲᠠᠭᠣᠰᠤᠭᠠᠳ ᠡᠯᠢᠭᠡᠨ ᠲᠡᠭᠡᠷ᠎ᠡ ᠰᠢᠯᠵᠢᠭᠰᠡᠨ 5 ᠬᠠᠪᠣᠳᠠᠷ ᠬᠦᠪᠲᠦᠷᠦᠦ ᠶᠢᠨ ᠣᠷᠣᠨ ᠪᠠᠢᠢᠷᠢ ᠶᠢ ᠲᠣᠲᠣᠯᠵᠤ ᠂ ᠬᠣᠨᠤᠭ ᠪᠦᠷᠢ ᠲᠠᠪᠣᠨ ᠵᠠᠭᠣᠨ ᠲᠦᠭᠦᠷᠢᠭ ᠦᠨ ᠵᠣᠴᠢᠳ ᠤᠨ ᠪᠠᠭᠣᠳᠠᠯ ᠳᠤ ᠪᠠᠨ ᠬᠦᠦ ᠲᠠᠢ ᠬᠣᠶᠠᠭᠣᠯᠠ ᠪᠠᠨ ᠬᠠᠷᠢᠵᠣ ᠢᠷᠡᠭᠡᠳ ᠂ ᠡᠮᠨᠡᠯᠭᠡ ᠳᠦ ᠰᠠᠭᠣᠨ ᠮᠠᠰᠠ ᠵᠠᠰᠠᠯ ᠬᠢᠯᠭᠡᠬᠦ ᠪᠡᠷ ᠬᠦᠯᠢᠶᠡᠪᠡ᠃ ᠡᠨᠡ ᠨᠢ ᠮᠢᠨᠣ ᠪᠠᠰᠠ ᠨᠢᠭᠡ ᠣᠳᠠᠭᠠᠨ ᠤ ᠮᠣᠷᠣᠢ ᠰᠣᠷᠤᠢ ᠵᠠᠮᠨᠠᠭᠰᠠᠨ ᠬᠠᠷᠠᠮᠰᠠᠯᠲᠠᠢ ᠤᠴᠠᠷᠠᠯ ᠪᠤᠯᠣᠭᠰᠠᠨ ᠪᠠᠢᠢᠨ᠎ᠠ ᠃ ᠶᠠᠭ ᠤᠴᠢᠷ ᠨᠢ ᠬᠦᠦ ᠶᠢᠨ ᠢᠶᠡᠨ ᠰᠠᠨᠠᠭᠤᠯᠭ᠎ᠠ ᠶᠢ ᠰᠣᠨᠤᠰᠤᠭᠰᠠᠨ ᠪᠣᠯ ᠲᠣᠰ ᠤᠳᠠᠭᠠᠨ ᠤ ᠭᠠᠮᠰᠢᠭ ᠵᠤᠪᠠᠯᠠᠩ ᠡᠴᠡ ᠴᠤ ᠯᠠᠪᠲᠠᠢ ᠬᠡᠯᠳᠦᠷᠢᠵᠦ ᠪᠣᠯᠬᠣ ᠶᠤᠮ ᠡ ︕ ᠰᠠᠷ᠎ᠠ ᠢᠯᠡᠭᠦᠦ ᠬᠦᠯᠢᠶᠡᠵᠦ ᠭᠣᠷᠪᠠᠨ ᠲᠦᠮᠠ ᠭᠠᠷᠣᠢ ᠲᠦᠭᠦᠷᠢᠭ ᠢᠶᠡᠨ ᠰᠦᠢᠳᠭᠡᠭᠡᠳ 6 ᠰᠠᠷ᠎ᠠ ᠶᠢᠨ 5 ᠦ ᠡᠳᠦᠷ ᠪᠡᠭᠡᠵᠢᠩ ᠶᠡᠬᠡ ᠰᠣᠷᠭᠠᠭᠣᠯᠢ ᠶᠢᠨ ᠬᠠᠪᠣᠳᠠᠷ ᠤᠨ ᠡᠮᠨᠡᠯᠭᠡ ᠶᠢᠨ ᠬᠣᠷᠢᠶ᠎ᠠ ᠳᠤ ᠣᠯᠵᠤ ᠰᠠᠭᠣᠨ ᠭᠣᠷᠪᠠᠳᠠᠬᠢ ᠣᠳᠠᠭᠠᠨ ᠤ ᠮᠠᠰᠠ ᠵᠠᠰᠠᠯ ᠢᠶᠠᠨ ᠬᠢᠯᠭᠡᠪᠡ ᠃ ᠠᠷᠠᠢ ᠨᠢᠭᠡ ᠭᠠᠷᠠᠭ ᠪᠣᠯᠤᠯ ᠦᠭᠡᠢ ᠂ ᠬᠦᠦ ᠪᠡᠷ ᠢᠶᠡᠨ ᠲᠦᠰᠢᠭᠦᠯᠵᠦ ᠵᠦᠳᠡᠭᠦᠦ ᠭᠠᠵᠠᠷ ᠪᠠᠭᠣᠨ ᠠᠯᠬᠤᠵᠤ ᠪᠠᠢᠢᠲᠠᠯ᠎ᠠ ᠡᠮᠴᠢ ᠡᠴᠡ ︽ᠡᠮᠨᠡᠯᠭᠡ ᠡᠴᠡ ᠭᠠᠷᠬᠣ ᠴᠠᠭ ᠪᠣᠯᠴᠢᠬᠠᠵᠠᠢ︾ ᠭᠡᠳ ᠬᠦᠭᠡᠭᠡᠴᠢᠬᠡᠯᠡ ᠃ ᠰᠢᠷᠬ᠎ᠠ ᠡᠪᠡᠳᠦᠭᠡᠳ ᠠᠯᠬᠤᠵᠤ ᠲᠡᠢᠢᠯᠬᠦ ᠦᠭᠡᠢ ᠪᠠᠢᠢᠨ᠎ᠠ ᠬᠡᠮᠡᠨ ᠡᠮᠴᠢ ᠡᠴᠡ ᠭᠠᠰᠢᠭᠣᠳᠠᠨ ᠭᠤᠶᠤᠭᠰᠠᠨ ᠪᠣᠯᠪᠠᠴᠣ ᠣᠲᠠᠴᠢ ᠡᠮᠴᠢ ᠮᠢᠨᠢ ᠣᠭᠳᠤ ᠬᠦᠯᠢᠶᠡᠭᠰᠡᠨ ᠦᠭᠡᠢ ᠃ ᠠᠷᠭ᠎ᠠ ᠪᠠᠨ ᠪᠠᠷᠠᠬᠣ ᠳᠤ ᠪᠠᠨ ᠬᠦᠦ ᠪᠡᠷ ᠵᠢᠡᠨ ᠲᠦᠰᠢᠭᠦᠯᠵᠦ ᠂ ᠬᠦᠯᠦᠰᠦᠨ ᠲᠡᠷᠭᠡᠨ ᠳᠦ ᠰᠠᠭᠣᠭᠠᠳ ᠦᠨᠦᠬᠢ ᠲᠠᠪᠤᠨ ᠵᠠᠭᠣᠨ ᠲᠦᠭᠦᠷᠢᠭ ᠦᠨ ᠪᠠᠭᠣᠳᠠᠯ ᠳᠤ ᠪᠠᠨ ᠬᠠᠷᠢᠪᠠ ᠃ ᠦᠷᠬᠦᠯᠵᠢᠯᠡᠨ ᠠᠷᠪᠠᠭᠠᠳ ᠡᠳᠦᠷ ᠰᠣᠪᠢᠯᠠᠭᠠᠳ ᠰᠠᠶ᠋ᠢ ᠲᠠᠢᠢᠪᠣᠷ ᠲᠠᠢᠢᠪᠣᠷ ᠠᠯᠬᠤᠬᠤ ᠪᠣᠯᠵᠣ ᠠᠳᠠᠯ ᠭᠡᠷ ᠲᠦ ᠪᠡᠨ ᠬᠠᠷᠢᠪᠠ ᠃ ᠡᠨᠡᠬᠦ ᠰᠢᠷᠬ᠎ᠠ ᠨᠢ ᠰᠠᠪᠬᠠᠨ ᠤ ᠨᠠᠷᠢᠨ ᠦᠵᠦᠭᠦᠷ ᠰᠢᠭ ᠨᠠᠷᠢᠨ ᠢᠶᠠᠷ ᠣᠯᠠᠭᠠᠨ ᠬᠣᠷᠣᠬᠠᠢ ᠠᠳᠠᠯᠢ ᠭᠦᠷᠪᠦᠢᠳᠦᠨ ᠰᠣᠨᠤᠯᠵᠠᠨ ᠤᠯᠠᠢᠢᠵᠤ ᠂ ᠨᠡᠢᠢᠳᠡᠮ ᠡᠪᠡᠳᠴᠦ ᠂ ᠭᠡᠳᠡᠢᠬᠦ ᠶᠢᠨ ᠠᠷᠭ᠎ᠠ ᠦᠭᠡᠢ ᠭᠣᠬᠤᠢᠢᠵᠤ ᠶᠠᠪᠤᠬᠣ ᠪᠣᠯᠤᠭᠰᠠᠨ ᠂ ᠬᠣᠶᠠᠷ ᠵᠢᠯ ᠣᠷᠴᠢᠮ ᠪᠣᠯᠴᠢᠬᠠᠭᠠᠳ ᠪᠠᠰᠠ ᠲᠡᠮᠡᠢ ᠯᠠ ᠪᠠᠭ᠎ᠠ ᠪᠣᠯᠤᠭᠰᠠᠨ ᠦᠭᠡᠢ ᠣᠤᠯ ᠬᠡᠪ ᠢᠶᠡᠷ ᠢᠶᠡᠨ ᠭᠦᠷᠪᠦᠢᠢᠳᠦᠵᠦ ᠂ ᠲᠡᠭᠡᠷ᠎ᠡ ᠨᠢ ᠲᠠᠷᠣᠪᠠᠯ ᠮᠦᠨ ᠡᠪᠡᠳᠦᠭᠡᠳ ᠯᠠ ᠢᠷᠡᠭᠰᠡᠨ ᠭᠣᠷᠪᠠ ᠣᠳᠠᠭᠠᠨ ᠤ ᠮᠠᠰᠠ ᠵᠠᠰᠠᠯ ᠤᠨ ᠬᠣᠭᠤᠴᠠᠭᠠᠨ ᠳᠤ ᠨᠡᠢᠳᠡ ᠠᠷᠪᠠᠨ ᠬᠣᠶᠠᠷ ᠣᠳᠠᠭᠠᠨ ᠤ ᠬᠢᠮᠢ ᠶᠢᠨ ᠵᠠᠰᠠᠯ ᠬᠢᠵᠦ ᠂ ︽ᠺᠠ ᠹᠸᠢ ᠲᠠ ᠪᠢᠨ ︾ ᠂ ︽ ᠹᠦ ᠺᠦᠢ ᠲᠢ ᠨᠢ ︾ ᠵᠡᠷᠭᠡ ᠡᠮ ᠢ ᠬᠣᠢᠢᠨ᠎ᠠ ᠬᠣᠢᠢᠨ᠎ᠠ ᠡᠴᠡ ᠨᠢ ᠬᠡᠷᠡᠭᠯᠡᠵᠦ ᠦᠢᠯᠡ ᠲᠠᠮᠤ ᠠᠮᠰᠠᠭᠰᠠᠨ ᠢ ᠦᠭᠡ ᠦᠰᠦᠭ ᠢᠶᠡᠷ ᠵᠦᠢᠷᠯᠡᠬᠦ ᠶᠢᠨ ᠠᠷᠭ᠎ᠠ ᠦᠭᠡᠢ ︕ ᠣᠳᠠᠭ᠎ᠠ ᠪᠦᠷᠢ ᠶᠢᠨ ᠬᠢᠮᠢ ᠶᠢᠨ ᠵᠠᠰᠠᠯ ᠳᠤ ᠲᠣᠯᠣᠭᠠᠢ ᠡᠷᠭᠢᠬᠦ ᠂ ᠪᠦᠭᠡᠯᠵᠢᠬᠦ ᠂ ᠪᠤᠳᠠᠭ᠎ᠠ ᠢᠳᠡᠵᠦ ᠣᠷᠤᠬᠤ ᠦᠭᠡᠢ ᠁ ᠵᠡᠷᠬᠡ ᠶᠠᠩᠵᠣ ᠪᠣᠯᠭᠠᠨ ᠤ ᠬᠡᠪ ᠦᠨ ᠪᠣᠰᠤ ᠪᠠᠢᠢᠳᠠᠯ ᠢᠯᠡᠷᠡᠯ ᠨᠢ ᠨᠡᠬᠡᠷᠡᠨ ᠠᠮᠢ ᠶᠢ ᠪᠣᠯᠢᠶᠠᠮᠠᠷ ᠵᠣᠪᠠᠭᠠᠨ ᠲᠡᠩᠰᠡᠯᠭᠡᠵᠡᠢ ᠃ ᠭᠣᠷᠪᠠᠨ ᠡᠳᠦᠷ ᠬᠢᠮᠢ ᠶᠢᠨ ᠵᠠᠰᠠᠯ ᠤᠨ ᠡᠮ ᠶᠡᠭᠦᠯᠡᠭᠡᠳ ᠭᠡᠷ ᠲᠦ ᠪᠡᠨ ᠬᠠᠷᠢᠪᠠᠯ ᠨᠢᠭᠡ ᠭᠠᠷᠠᠭ ᠪᠣᠰᠴᠤ ᠲᠡᠢᠢᠯᠬᠦ ᠦᠭᠡᠢ ᠬᠡᠪᠳᠡᠳᠡᠭ ᠃ ᠰᠡᠭᠦᠯᠳᠡᠵᠦ ᠢᠷᠡᠭᠡᠳ ᠲᠣᠯᠣᠭᠠᠢ ᠶᠢᠨ ᠦᠰᠦ ᠪᠦᠬᠦᠨ ᠢᠶᠡᠷ ᠢᠶᠡᠨ ᠣᠨᠠᠵᠤ ᠂ ᠬᠦᠯ ᠭᠠᠷ ᠮᠢᠨᠴᠦᠭᠦᠷᠡᠨ ᠡᠪᠡᠳᠴᠦ ᠂ ᠬᠣᠳᠣᠭᠣᠳᠤ ᠮᠠᠭᠣᠳᠠᠨ ᠂ ᠢᠳᠡᠭᠡᠨ ᠦ ᠲᠣᠷᠠᠰᠢᠯ ᠲᠣᠢᠢᠯ ᠢᠶᠠᠷ ᠪᠠᠭᠣᠷᠠᠵᠤ ᠂ ᠶᠠᠭᠣ ᠢᠳᠡᠭᠰᠡᠨ ᠴᠣ ᠠᠮᠳᠠ ᠰᠢᠮᠳᠠ ᠦᠭᠡᠢ ᠪᠣᠯᠵᠤ ᠢᠷᠡᠪᠡ ᠃ ᠡᠳᠦᠷᠵᠢᠨ ᠬᠡᠯᠡ ᠬᠠᠷᠠᠯᠠᠨ ᠰᠢᠯᠣᠰᠤ ᠵᠢᠭᠣᠷᠠᠯᠳᠣᠵᠤ ᠂ ᠠᠮᠠ ᠂ ᠬᠡᠯᠡ ᠂ ᠣᠷᠣᠭᠤᠯ ᠬᠠᠳᠠᠭᠠᠳ ᠶᠠᠭᠠᠬᠢᠬᠣ ᠶᠢᠨ ᠠᠷᠭ᠎ᠠ ᠦᠭᠡᠢ ᠠᠷᠭ᠎ᠠ ᠠᠭᠠᠰᠢ ᠶᠢ ᠠᠯᠳᠠᠷᠠᠭᠣᠯᠤᠨᠠ ᠃ ᠰᠦᠨᠢᠵᠢᠨ ᠨᠣᠢᠢᠷ ᠬᠣᠯᠵᠢᠵᠦ ᠂ ᠠᠨ ᠳ᠋ᠢᠩ ᠡᠮ ᠢ ᠭᠣᠷᠪᠠᠨ ᠮᠦᠬᠦᠯᠢᠭ ᠢᠳᠡᠴᠢᠬᠡᠭᠡᠳ ᠪᠠᠰᠠ ᠰᠦᠨᠢ ᠲᠣᠷᠰᠢ ᠰᠠᠶ᠋ᠢ ᠨᠢᠭᠡ ᠡᠴᠡ ᠬᠣᠶᠠᠷᠬᠠᠨ ᠴᠠᠭ ᠰᠡᠭᠡᠰ ᠰᠠᠭᠠᠰ ᠣᠨᠳᠠᠵᠤ ᠲᠡᠢᠢᠯᠳᠡᠭ ᠪᠣᠯᠵᠠᠢ ᠃ ᠭᠠᠳᠠᠭᠠᠯᠠᠬᠣ ᠳᠤ ᠮᠠᠰᠢ ᠬᠦᠴᠢᠷᠳᠡᠯ ᠲᠠᠢ ᠪᠠᠢᠵᠦ ᠂ ᠵᠠᠷᠢᠮ ᠳᠤ ᠪᠠᠨ ᠦᠳᠭᠡᠨ ᠵᠠᠷᠢᠮ ᠳᠤ ᠪᠠᠨ ᠰᠢᠩᠭᠡᠨ ᠢᠶᠡᠷ ᠭᠣᠷᠪᠠ ᠡᠴᠡ ᠲᠠᠪᠤᠨ ᠡᠳᠦᠷ ᠰᠠᠶ᠋ᠢ ᠨᠢᠭᠡ ᠣᠳᠠᠭ᠎ᠠ ᠭᠠᠳᠠᠭᠠᠯᠠᠵᠤ ᠂ ᠦᠷᠬᠦᠯᠵᠢ ᠭᠡᠳᠡᠰᠤ ᠬᠦᠭᠡᠭᠡᠯᠭᠡᠨ᠂ ᠣᠩᠭᠠᠰᠤ ᠠᠯᠳᠠᠨ ᠮᠠᠰᠢ ᠬᠦᠴᠢᠷ ᠵᠣᠪᠠᠭᠣᠷᠢᠳᠠᠢᠬᠠᠨ ᠡᠳᠦᠷ ᠬᠣᠨᠤᠭ ᠢ ᠦᠩᠭᠡᠷᠡᠵᠦ ᠢᠷᠡᠭᠰᠡᠨ ︕ ᠨᠡᠩ ᠢᠯᠠᠩᠭᠣᠶᠠ 2023 ᠣᠨ ᠤ 10 ᠰᠠᠷ᠎ᠠ ᠶᠢᠨ 13 ᠦ ᠡᠳᠦᠷ ᠦᠨ ᠦᠪᠦᠷ ᠮᠣᠩᠭᠤᠯ ᠤᠨ ᠬᠠᠪᠣᠳᠠᠷ ᠤᠨ ᠡᠮᠨᠡᠯᠭᠡ ᠶᠢᠨ ᠬᠣᠷᠢᠶᠠᠨ ᠤ ᠽᠢ ᠲᠢ ᠪᠠᠢᠢᠴᠠᠭᠠᠯᠳᠠ ᠳᠤ ᠡᠯᠢᠭᠡᠨ ᠲᠡᠭᠡᠷ᠎ᠡ ᠮᠢᠨᠢ ᠪᠠᠰᠠ ᠯᠠ 3 ᠬᠠᠪᠣᠳᠠᠷ ᠬᠦᠪᠲᠦᠷᠦᠦ ᠲᠠᠬᠢᠨ ᠣᠷᠭᠤᠯ᠎ᠠ ᠭᠡᠬᠦ ᠣᠨᠤᠰᠢᠯᠲᠠ ᠣᠯᠤᠭᠠᠳ ᠠᠶᠤᠨ ᠰᠣᠴᠢᠵᠤ ᠵᠣᠪᠠᠵᠤ ᠭᠣᠳᠤᠭᠰᠠᠨ ᠢ ᠬᠡᠷᠬᠢᠨ ᠵᠦᠢᠷᠯᠡᠵᠦ ᠢᠯᠡᠳᠭᠡᠬᠦ ᠪᠢᠯᠡ ᠃ ᠨᠢᠭᠡ ᠬᠦᠪᠲᠦᠷᠦᠦ ᠨᠢ ᠪᠠᠰᠠ ᠡᠯᠢᠭᠡᠨ ᠦ ᠬᠦᠪᠡᠭᠡ ᠬᠢᠵᠠᠭᠠᠷ ᠲᠤ ᠣᠷᠭᠤᠵᠤ ᠮᠠᠰᠠ ᠵᠠᠰᠠᠯ ᠬᠢᠬᠦ ᠶᠢᠨ ᠠᠷᠭ᠎ᠠ ᠦᠭᠡᠢ ᠭᠡᠨ᠎ᠡ ᠃ ᠵᠦᠪᠬᠡᠨ ︽ ᠹᠦ ᠺᠦᠢ ᠲᠢ ᠨᠢ ︾ ᠭᠡᠬᠦ ᠡᠮ ᠢ ᠰᠠᠷ᠎ᠠ ᠪᠦᠷ ᠣᠤᠭᠣᠵᠤ ᠠᠷᠭᠠᠴᠠᠬᠣ ᠯᠠ ᠬᠡᠷᠡᠭ ᠪᠣᠯᠵᠠᠢ ᠃ ᠡᠨᠡᠬᠦ ᠡᠮ ᠦᠨ ᠬᠣᠤᠷ ᠭᠡᠮ ᠢ ᠠᠮᠰᠠᠵᠤ ᠶᠠᠪᠤᠭᠰᠠᠭᠠᠷ ᠵᠠᠯᠠᠭᠣ ᠪᠠᠭ᠎ᠠ ᠡᠴᠡ ᠪᠡᠨ ᠲᠣᠢᠢᠯ ᠤᠨ ᠯᠠᠪᠳᠠᠭᠣᠨ ᠲᠣᠭᠳᠠᠭᠣᠨ 115 ᠡᠴᠡ 70 ᠪᠠᠢᠭᠰᠠᠨ ᠴᠢᠰᠣᠨ ᠲᠠᠷᠤᠯᠳᠠ ᠮᠢᠨᠢ ᠲᠣᠭᠲᠠᠭᠤᠷᠢ ᠪᠠᠨ ᠠᠯᠳᠠᠵᠤ ᠦᠨᠳᠦᠷ ᠴᠢᠰᠣᠨ ᠲᠠᠷᠤᠯᠳᠠ ᠪᠣᠯᠵᠣ ᠂ 180 ᠡᠴᠡ 120 ᠲᠣᠯᠵᠤ ᠰᠣᠯᠢᠶᠠᠷᠠᠪᠠ ᠃ ᠴᠢᠰᠤᠨ ᠲᠠᠷᠣᠯᠳᠠ ᠶᠢᠨ ᠡᠮ ᠨᠢ ᠡᠳᠦᠷ ᠰᠦᠨᠢ ᠶᠢᠨ ᠬᠠᠨᠢ ᠪᠣᠯᠴᠢᠬᠠᠯ᠎ᠠ ᠃ ᠰᠦᠨᠢ ᠲᠣᠷᠰᠢ 2 ᠴᠠᠭ ᠡᠴᠡ ᠢᠯᠡᠭᠦᠦ ᠣᠨᠳᠠᠵᠤ ᠲᠡᠢᠢᠯᠬᠦ ᠦᠭᠡᠢ ᠪᠣᠯᠤᠭᠰᠠᠨ ᠮᠦᠷᠳᠡᠭᠡᠨ ᠬᠠᠶᠠ ᠳᠤ ᠪᠠᠨ ᠰᠦᠨᠢ ᠲᠣᠷᠰᠢ ᠨᠢᠭᠡ ᠮᠢᠨᠦᠲ ᠴᠤ ᠣᠨᠳᠠᠵᠤ ᠲᠡᠢᠯᠦᠬᠦ ᠦᠭᠡᠢ ᠪᠣᠯᠴᠢᠬᠠᠭᠰᠠᠨ ᠢᠩᠭᠢᠵᠦ ᠯᠠ ᠲᠡᠩᠰᠡᠯᠵᠦ ᠵᠣᠪᠠᠭᠰᠠᠭᠠᠷ ᠵᠠᠭᠣᠨ ᠲᠠᠪᠢᠨ ᠵᠢᠩ ᠪᠠᠢᠭᠰᠠᠨ ᠪᠡᠶ᠎ᠡ ᠶᠢᠨ ᠬᠦᠨᠳᠦᠴᠡ ᠮᠢᠨᠢ ᠪᠠᠭᠣᠷᠠᠭᠠᠳ ᠂ 2024 ᠣᠨ ᠤ 4 ᠰᠠᠷ᠎ᠠ ᠪᠣᠯᠬᠤ ᠳᠤ ᠰᠠᠶ᠋ᠢ ᠵᠠᠭᠣ ᠠᠷᠪᠠᠨ ᠨᠠᠢᠮᠠ ᠵᠢᠩ ᠪᠣᠯᠪᠠ ᠃ ᠣᠳᠣ ᠶᠠᠭᠠᠬᠢᠳᠠᠭ ᠪᠢᠯᠡ ︖ ᠢᠩᠭᠢᠵᠦ ᠯᠠ ᠵᠣᠪᠠᠵᠤ ᠭᠣᠳᠤᠭᠰᠠᠭᠠᠷ ᠡᠷᠯᠢᠭ ᠲᠦ ᠮᠣᠷᠳᠠᠬᠤ ᠨᠢ ᠦᠦ ︖ ᠭᠣᠷᠪᠠᠨ ᠬᠦᠦ ᠳᠦ ᠪᠡᠨ ᠪᠦᠷ ᠭᠡᠷ ᠪᠠᠢᠢᠭᠤᠯᠵᠤ ᠦᠭᠭᠦᠭᠡᠳ ᠲᠡᠮᠡᠢ ᠴᠤ ᠣᠳᠠᠭᠠᠳᠦᠢ ᠂ ᠨᠠᠰᠤᠨ ᠤ ᠠᠮᠠᠷᠠᠯᠲᠠ ᠪᠠᠨ ᠰᠠᠶ᠋ᠢ ᠠᠪᠴᠤ ᠂ ᠣᠳᠤ ᠦᠳᠡᠯᠦᠭᠡ ᠨᠠᠰᠣᠨ ᠤ ᠵᠢᠷᠭᠠᠯ ᠢᠶᠠᠨ ᠡᠳ᠋ᠯᠡᠬᠦ ᠭᠣᠶᠤᠬᠠᠨ ᠬᠦᠰᠡᠯ ᠮᠢᠨᠢ ᠵᠡᠭᠦᠳᠦ ᠪᠣᠯᠵᠤ ᠢᠩᠭᠢᠵᠦ ᠯᠠ ᠰᠠᠷᠨᠢᠬᠤ ᠨᠢ ᠦᠦ ︖ ᠦᠭᠡᠢ ᠂ ᠪᠢ ᠶᠠᠭᠠᠬᠢᠭᠰᠠᠨ ᠴᠤ ᠦᠬᠦᠵᠦ ᠪᠣᠯᠬᠣ ᠦᠭᠡᠢ ᠂ ᠨᠠᠰᠤᠨ ᠲᠣᠷᠰᠢ ᠦᠢᠯᠡ ᠡᠳᠡᠯ ᠪᠠᠷᠠᠵᠤ ᠂ ᠰᠠᠶ᠋ᠢ ᠵᠢᠷᠭᠠᠬᠤ ᠴᠠᠭ ᠪᠣᠯᠤᠭᠰᠠᠨ ᠪᠣᠷᠬᠠᠨ ᠰᠠᠬᠢᠭᠣᠯᠰᠣᠨ ᠮᠢᠨᠢ ᠠᠮᠢ ᠶᠢ ᠠᠪᠣᠷᠠᠭᠠᠴᠢ ᠁
ᠰᠠᠢᠢᠨ ᠣᠴᠠᠷᠠᠯ ︕ ᠬᠣᠶᠠᠷ ᠮᠢᠩᠭ᠎ᠠ ᠪᠦᠭᠡᠳ ᠬᠣᠷᠢᠨ ᠲᠦᠷᠪᠡᠨ ᠣᠨ ᠤ ᠲᠦᠷᠪᠡᠨ ᠰᠠᠷ᠎ᠠ ᠶᠢᠨ ᠠᠷᠪᠠᠨ ᠲᠣᠯᠤᠭᠠᠨ ᠤ ᠡᠳᠦᠷ ᠮᠢᠨᠣ ᠭᠡᠷ ᠲᠦ ᠂ ᠪᠠᠢᠢᠭᠤᠯᠳᠠ ᠂ ᠭᠠᠷᠪᠤ ᠬᠣᠶᠠᠷ ᠲᠣᠳᠤᠨᠤ ᠬᠠᠢᠢᠷᠠᠳᠣ ᠬᠠᠮᠳᠤ ᠰᠣᠷᠤᠯᠭᠠᠳᠠᠨ ᠵᠣᠴᠢᠨ ᠪᠣᠯᠵᠣ ᠮᠣᠷᠢᠯᠠᠨ ᠰᠠᠭᠠᠲᠠᠪᠠ ᠃ ᠮᠢᠨᠣ ᠪᠠᠢᠢᠳᠠᠯ ᠢ ᠣᠢᠢᠯᠠᠭᠠᠭᠰᠠᠨ ᠤ ᠲᠠᠷᠠᠭ᠎ᠠ ᠲᠡᠳᠡ ᠬᠣᠶᠠᠭᠣᠯᠠ ᠨᠠᠳᠠᠳᠤ ︽ᠠᠵᠠᠲᠠᠢ ︾ ᠶᠢ ᠲᠠᠨᠢᠯᠴᠠᠭᠣᠯᠤᠨ ᠦᠭᠴᠦ ᠂ ᠵᠠᠪᠠᠯ ᠬᠢᠴᠢᠶᠡᠯ ᠰᠣᠨᠤᠰᠬᠠᠬᠤ ᠪᠠᠷ ᠲᠣᠳᠣᠭᠠᠳᠣ ᠰᠡᠳᠭᠢᠯ ᠡᠴᠡ ᠪᠡᠨ ᠢᠳᠬᠠᠨ ᠱᠠᠭᠠᠷᠳᠠᠪᠠ ᠃ ᠭᠡᠷ ᠲᠦ ᠪᠡᠨ ᠪᠣᠴᠬᠣ ᠵᠠᠮ ᠳᠤ ᠪᠠᠨ ᠪᠠᠰᠠ ᠲᠠᠬᠢᠨ ᠲᠠᠬᠢᠨ ᠣᠳᠠᠰᠣ ᠸᠡᠢᠴᠠᠲ ᠢᠷᠡᠵᠦ ︽ ᠮᠠᠷᠭᠠᠰᠢ ᠵᠠᠪᠠᠯ ᠬᠢᠴᠢᠶᠡᠯ ᠰᠣᠨᠤᠰᠬᠤ ᠪᠠᠷ ᠣᠴᠢᠭᠠᠷᠠᠢ ︾ ᠭᠡᠵᠦ ᠢᠳᠬᠠᠨ ᠰᠠᠨᠠᠭᠤᠯᠵᠤ ᠂ ᠴᠢᠩᠭᠠᠳᠬᠠᠵᠤ ᠯᠠ ᠪᠠᠢᠪᠠ ᠃ ᠪᠢ ᠡᠨᠳᠡ ᠲᠣᠰ ᠬᠣᠶᠠᠷ ᠨᠠᠢᠢᠵᠠ ᠳᠤ ᠪᠠᠨ ᠴᠢᠩ ᠰᠡᠳᠭᠢᠯ ᠡᠴᠡ ᠪᠡᠨ ᠲᠠᠯᠠᠷᠬᠠᠶ᠎ᠠ ︕ ᠡᠢᠢᠨᠬᠦ ᠪᠢ ᠲᠣᠰ ᠬᠣᠶᠠᠷ ᠨᠠᠢᠢᠵᠠ ᠶᠢᠨ ᠢᠶᠡᠨ ᠰᠠᠢᠢᠨ ᠰᠠᠨᠠᠭᠠᠨ ᠤ ᠢᠳᠬᠠᠯ ᠱᠠᠭᠠᠷᠳᠠᠯᠭ᠎ᠠ ᠶᠢ ᠬᠦᠰᠡᠷᠳᠡᠭᠦᠯᠬᠦ ᠦᠭᠡᠢ ᠶᠢᠨ ᠲᠦᠯᠦᠭᠡ ᠲᠦᠷᠪᠡᠨ ᠰᠠᠷ᠎ᠠ ᠶᠢᠨ ᠠᠷᠪᠠᠨ ᠨᠠᠢᠮᠠᠨ ᠤ ᠡᠳᠦᠷ ᠡᠴᠡ ᠡᠬᠢᠯᠡᠨ ᠦᠪᠦᠷ ᠮᠣᠩᠭᠤᠯ ᠤᠨ ᠣᠯᠠᠨ ᠤᠯᠤᠰ ᠦᠨ ᠮᠣᠩᠭᠤᠯ ᠡᠮᠨᠡᠯᠭᠡ ᠶᠢᠨ ᠬᠣᠷᠢᠶ᠎ᠠ ᠳᠤ ᠡᠮᠨᠡᠭᠦᠯᠦᠨ ᠰᠠᠭᠣᠵᠤ ᠂ ᠬᠢᠴᠢᠶᠡᠯ ᠰᠤᠨᠤᠰᠴᠣ ᠡᠬᠢᠯᠡᠪᠡ ᠃ ᠨᠢᠭᠡᠳᠦᠭᠡᠷ ᠡᠳᠦᠷ ᠦᠨ ᠬᠢᠴᠢᠶᠡᠯ ᠳᠦ ᠂ ᠬᠡᠵᠢᠶᠡᠳᠡ ᠣᠬᠢᠯᠠᠬᠣ ᠶᠢ ᠮᠡᠳᠡᠬᠦ ᠦᠭᠡᠢ ᠪᠢ ᠴᠢᠨᠢ ᠨᠢᠯᠪᠣᠰᠣ ᠪᠠᠷ ᠨᠢᠭᠤᠷ ᠢᠶᠠᠨ ᠤᠬᠢᠶᠠᠵᠤ ᠂ ᠳᠡᠪᠡᠯ ᠦᠨ ᠡᠩᠭᠡᠷ ᠢᠶᠡᠨ ᠲᠡᠪᠳᠦᠳᠡᠯ᠎ᠡ ᠤᠬᠢᠯᠠᠪᠠ ᠃ ᠣᠷᠤᠢ ᠨᠢ 20 ᠴᠠᠭ ᠡᠴᠡ ᠲᠡᠷᠠᠭ᠎ᠠ ᠡᠳᠦᠷ ᠦᠨ 3 ᠴᠠᠭ ᠪᠣᠯᠲᠠᠯ᠎ᠠ ᠰᠡᠷᠢᠭᠡ ᠦᠭᠡᠢ ᠤᠨᠲᠠᠵᠠᠢ ᠃ ᠡᠪᠡᠳᠴᠢᠯᠡᠭᠰᠡᠨ ᠡᠴᠡ ᠨᠠᠰᠢ ᠢᠩᠭᠢᠵᠦ ᠤᠨᠲᠠᠨ᠎ᠠ ᠭᠡᠵᠦ ᠰᠠᠶ᠋ᠢ ᠭᠠᠷᠴᠠᠢ ᠃ ᠮᠢᠨᠤ ᠨᠣᠢᠢᠷ ᠬᠣᠯᠵᠢᠬᠤ ᠡᠪᠡᠳᠴᠢᠨ ᠢᠩᠭᠢᠭᠡᠳ ᠯᠠ ᠢᠯᠡᠷᠢ ᠪᠣᠯᠴᠢᠬᠠᠬᠤ ᠨᠢ ᠦᠦ ︖ ᠬᠡᠳ ᠶᠡᠬᠡ ᠯᠠ ᠪᠠᠶᠠᠷᠯᠠᠨ ᠰᠣᠨᠢᠷᠬᠠᠵᠤ ᠪᠠᠢᠪᠠ ᠃ ᠬᠣᠶᠠᠳᠤᠭᠠᠷ ᠡᠳᠦᠷ ᠦᠨ ᠬᠢᠴᠢᠶᠡᠯ ᠦᠨ ᠲᠠᠷᠠᠭ᠎ᠠ ᠶᠡᠬᠡ ᠪᠡᠷ ᠬᠡᠭᠡᠷᠡᠵᠦ ᠂ ᠪᠦᠯᠦᠭ ᠪᠦᠯᠦᠭ ᠵᠠᠯᠭᠠᠯᠳᠣᠨ ᠤᠩᠭᠠᠰᠤ ᠠᠯᠳᠠᠭᠠᠳ ᠰᠦᠨᠢ ᠲᠣᠷᠰᠢ ᠨᠢᠭᠡ ᠴᠤ ᠤᠨᠲᠠᠵᠤ ᠣᠷᠤᠭᠰᠠᠨ ᠦᠭᠡᠢ ᠃ ᠭᠣᠷᠪᠠᠳᠣᠭᠠᠷ ᠡᠳᠦᠷ ᠦᠨ ᠬᠢᠴᠢᠶᠡᠯ ᠦᠨ ᠲᠠᠷᠠᠭ᠎ᠠ ᠰᠦᠨᠢ ᠲᠣᠷᠰᠢ 38 ᠭᠷᠠᠳᠦᠰ ᠢᠶᠡᠷ ᠬᠠᠯᠠᠭᠤᠷᠠᠵᠤ ᠰᠢᠷ᠎ᠠ ᠴᠠᠷ ᠢᠶᠠᠷ ᠬᠠᠨᠢᠶᠠᠭᠠᠳ ᠬᠣᠭᠤᠯᠠᠢ ᠰᠦᠷᠡᠬᠡᠢ ᠡᠪᠡᠳᠴᠦ ᠪᠠᠰᠠ ᠯᠠ ᠰᠦᠨᠢ ᠲᠣᠷᠰᠢ ᠨᠢᠭᠡ ᠴᠤ ᠤᠨᠲᠠᠵᠤ ᠣᠷᠤᠭᠰᠠᠨ ᠦᠭᠡᠢ ᠪᠦᠭᠡᠳ ᠪᠤᠳᠠᠭ᠎ᠠ ᠢᠳᠡᠵᠦ ᠣᠷᠤᠬᠤ ᠪᠠᠨ ᠴᠣ ᠪᠣᠯᠢᠪᠠ᠃ ᠡᠭᠦᠨ ᠳᠦ ᠪᠢ ᠡᠮᠴᠢ ᠶᠢ ᠲᠠᠭᠣᠳᠠᠨ ᠡᠮ ᠶᠡᠭᠦᠯᠡᠬᠦ ᠭᠡᠰᠡᠨ ᠳᠦ ᠡᠮᠴᠢ ︽ ᠲᠣᠬᠢᠷᠠᠭᠣᠯᠤᠯᠲᠠ ᠮᠠᠭᠠᠳ ᠦᠭᠡᠢ ︾ ᠭᠡᠳ ᠮᠣᠩᠭᠤᠯ ᠡᠮ ᠦᠭᠬᠦ ᠡᠴᠡ ᠪᠢᠰᠢ ᠶᠠᠭᠠᠬᠢᠭᠰᠠᠨ ᠴᠤ ᠡᠮ ᠶᠡᠭᠦᠯᠡᠵᠦ ᠦᠭᠬᠦ ᠦᠭᠡᠢ ᠪᠣᠯᠬᠣᠷ ᠮᠢᠨᠣ ᠵᠦᠷᠢᠭᠦᠳ ᠵᠠᠩ ᠬᠦᠳᠡᠯᠦᠨ ᠡᠮᠴᠢ ᠶᠢᠨ ᠰᠠᠨᠠᠭᠤᠯᠭ᠎ᠠ ᠶᠢ ᠦᠯᠦ ᠣᠢᠢᠰᠢᠶᠠᠨ ᠭᠠᠷ ᠭᠦᠢᠴᠡᠳᠭᠡᠯ ᠢᠶᠡᠨ ᠬᠢᠵᠦ ᠡᠮᠨᠡᠯᠭᠡ ᠡᠴᠡ ᠭᠠᠷᠣᠭᠠᠳ ᠬᠣᠪᠢ ᠬᠦᠮᠦᠨ ᠦ ᠡᠵᠡᠩᠨᠡᠭᠰᠡᠨ ᠡᠮᠨᠡᠯᠭᠡ ᠳᠦ ᠣᠷᠤᠵᠤ ᠡᠮ ᠶᠡᠭᠦᠯᠡᠪᠡ ᠃ ᠡᠮ ᠶᠡᠭᠦᠯᠡᠭᠰᠡᠨ ᠡᠬᠢᠨ ᠦ ᠡᠳᠦᠷ ᠲᠦ ᠰᠦᠨᠢ ᠲᠣᠷᠰᠢ ᠨᠢᠭᠡ ᠴᠤ ᠣᠨᠲᠠᠵᠤ ᠣᠷᠤᠭᠰᠠᠨ ᠦᠭᠡᠢ ᠮᠦᠷᠲᠡᠭᠡᠨ ᠠᠮᠠ ᠣᠷᠤᠭᠤᠯ ᠴᠢᠨᠡᠭᠡ ᠮᠡᠳᠡᠨ ᠬᠠᠳᠠᠵᠤ ᠂ ᠰᠢᠳᠦ ᠪᠦᠢᠯᠡ ᠬᠦᠭᠡᠷᠦᠨ ᠂ ᠬᠣᠭᠤᠯᠠᠢ ᠰᠦᠭᠡᠨ ᠡᠪᠡᠳᠦᠭᠡᠳ ᠰᠢᠷ᠎ᠠ ᠴᠠᠷ ᠢᠶᠠᠷ ᠬᠠᠨᠢᠶᠠᠯᠭᠠᠨ ᠬᠠᠶᠠ ᠪᠠᠰᠠ ᠵᠢᠭᠠᠬᠠᠨ ᠴᠢᠰᠤ ᠲᠠᠭᠠᠨ ᠭᠠᠷᠴᠤ ᠪᠠᠢᠯ᠎ᠠ ᠃ ᠰᠣᠨᠢᠷᠬᠠᠯᠲᠠᠢ ᠨᠢ ᠬᠣᠶᠠᠳᠤᠭᠠᠷ ᠣᠷᠣᠢ ᠠᠴᠠ ᠨᠢ ᠡᠬᠢᠯᠡᠭᠡᠳ ᠰᠦᠨᠢ ᠪᠦᠷᠢ ᠰᠡᠷᠢᠭᠡ ᠦᠭᠡᠢ 5 ᠡᠴᠡ 6 ᠴᠠᠭ ᠬᠠᠨᠳᠠᠯ᠎ᠠ ᠣᠨᠲᠠᠵᠤ ᠣᠷᠤᠬᠤ ᠪᠣᠯᠤᠭᠰᠠᠨ ᠲᠡᠷᠡ ᠰᠦᠨᠢ ᠡᠴᠡ ᠨᠠᠰᠢ ᠮᠢᠨᠤ ᠨᠤᠢᠢᠷ ᠬᠤᠯᠵᠢᠬᠤ ᠭᠡᠮ ᠠᠷᠬᠠᠭ ᠢᠩᠬᠢᠵᠦ ᠯᠠ ᠲᠦᠢᠯᠪᠦᠷᠢᠲᠠᠢ ᠢᠯᠡᠷᠢ ᠪᠣᠯᠤᠭᠰᠠᠨ ᠨᠡᠢᠢᠳᠡᠮ ᠬᠡᠷᠡᠭᠯᠡᠵᠦ ᠪᠠᠢᠭᠰᠠᠨ ᠠᠨ ᠳ᠋ᠢᠩ ᠡᠴᠡ ᠪᠡᠨ ᠢᠩᠭᠢᠵᠦ ᠯᠠ ᠰᠠᠯᠤᠭᠠᠳ ᠠᠶᠠᠷᠯᠠᠵᠣ ᠲᠣᠭᠲᠣᠯᠤᠭᠰᠠᠨ ᠢ ᠦᠭᠡ ᠪᠡᠷ ᠢᠯᠡᠳᠭᠡᠬᠦ ᠶᠢᠨ ᠠᠷᠭ᠎ᠠ ᠦᠭᠡᠢ ᠬᠠᠷᠠᠮᠰᠠᠯᠲᠠᠢ ᠨᠢ ᠡᠮᠴᠢ ᠶᠢᠨ ᠰᠠᠨᠠᠭᠤᠯᠭ᠎ᠠ ᠶᠢ ᠣᠨᠤᠰᠤᠭᠰᠠᠨ ᠦᠭᠡᠢ ᠂ ᠪᠠᠰᠠ ᠨᠢᠭᠡ ᠤᠳᠠᠭ᠎ᠠ ᠮᠣᠷᠤᠢ ᠰᠤᠷᠤᠢ ᠵᠠᠮᠨᠠᠴᠢᠬᠠᠯᠠ ᠃ ᠡᠨᠳᠡ ᠪᠢ ᠬᠦᠨᠳᠦᠳᠦ ᠬᠦᠭᠵᠢᠯᠲᠦ ᠡᠮᠴᠢ ᠳᠦ ᠪᠡᠨ ᠦᠨᠡᠨ ᠰᠡᠳᠭᠢᠯᠭᠡ ᠡᠴᠡ ᠪᠡᠨ ᠪᠣᠷᠣᠭᠤ ᠮᠡᠳᠡᠷᠡᠨ ᠶᠣᠰᠤᠯᠠᠵᠤ ᠪᠠᠢᠨ᠎ᠠ ᠃ ᠬᠡᠷᠪᠡ ᠪᠢ ᠲᠠᠨ ᠤ ᠪᠠᠨ ᠡᠷᠬᠢᠮ ᠰᠠᠨᠠᠭᠣᠯᠭ᠎ᠠ ᠶᠢ ᠰᠣᠨᠤᠰᠵᠣ ᠮᠣᠩᠭᠤᠯ ᠡᠮ ᠢ ᠴᠢᠨᠢ ᠣᠤᠭᠤᠭᠠᠳ ᠡᠮ ᠶᠡᠭᠦᠯᠡᠭᠰᠡᠨ ᠦᠭᠡᠢ ᠪᠣᠯ ᠦᠨᠦᠳᠦᠷ ᠪᠣᠯᠬᠤ ᠳᠤ ᠮᠢᠨᠣ ᠡᠪᠡᠳᠴᠢᠨ ᠪᠦᠬᠦᠨ ᠢᠶᠡᠷ ᠢᠶᠡᠨ ᠠᠷᠢᠯᠤᠭᠰᠠᠨ ᠨᠢ ᠯᠠᠪᠲᠠᠢ ︕ ᠲᠡᠢᠢᠮᠦᠷᠬᠦ ᠰᠠᠢᠬᠠᠨ ᠲᠣᠬᠢᠷᠠᠭᠣᠯᠤᠯᠲᠠ ᠶᠢ ᠡᠮ ᠶᠡᠭᠦᠯᠡᠭᠡᠳ ᠬᠠᠷᠠᠯᠠᠭᠣᠯᠴᠢᠬᠠᠯᠠ ᠭᠡᠵᠦ ᠪᠢ ᠦᠵᠡᠵᠦ ᠂ ᠲᠦᠢᠯ ᠢᠶᠡᠷ ᠬᠠᠷᠠᠮᠰᠠᠵᠤ ᠪᠠᠢᠢᠨ᠎ᠠ ᠃ 5 ᠳ᠋ᠣᠭᠠᠷ ᠰᠠᠷ᠎ᠠ ᠡᠴᠡ ᠡᠬᠢᠯᠡᠨ ᠂ ᠪᠢ ᠡᠳᠦᠷ ᠪᠦᠷᠢ ᠠᠯᠣᠰᠯᠠᠯ ᠦᠭᠡᠢ ᠂ ᠨᠠ ᠪᠠᠭᠰᠢ ᠶᠢᠨ ᠦᠨ᠎ᠡ ᠲᠦᠯᠦᠪᠦᠷᠢ ᠦᠭᠡᠢ ᠬᠢᠴᠢᠶᠡᠯ ᠢ ᠨᠡᠢᠢᠳᠡᠮ ᠰᠣᠨᠤᠰᠴᠤ ᠶᠠᠪᠣᠭᠰᠠᠨ ᠂ ᠵᠢᠷᠭᠣᠳᠣᠭᠠᠷ ᠰᠠᠷ᠎ᠠ ᠳᠤ ᠭᠠᠷ ᠤᠳᠠᠰᠤᠨ ᠲᠡᠭᠡᠷ᠎ᠡ ᠴᠢᠯᠦᠭᠡᠳᠡᠢ ᠰᠣᠨᠣᠰᠬᠣ ᠬᠢᠴᠢᠶᠡᠯ ᠢ 12 ᠬᠢᠴᠢᠶᠡᠯ ᠰᠣᠨᠣᠰᠴᠤ ᠂ 6 ᠰᠠᠷ᠎ᠠ ᠶᠢᠨ 18 ᠦ ᠡᠳᠦᠷ ᠡᠴᠡ 7 ᠰᠠᠷ᠎ᠠ ᠶᠢᠨ 13 ᠦ ᠡᠳᠦᠷ ᠪᠣᠯᠲᠠᠯ᠎ᠠ ᠵᠠᠯᠠᠢᠳ ᠬᠣᠰᠢᠭᠣᠨ ᠤ ᠮᠣᠩᠭᠤᠯ ᠡᠮᠨᠡᠯᠭᠡ ᠶᠢᠨ ᠬᠣᠷᠢᠶ᠎ᠠ ᠳᠤ ᠭᠣᠷᠪᠠᠨ ᠰᠢᠭᠣᠳ ᠨᠡᠪᠳᠡᠷᠡᠭᠦᠯᠭᠡ ᠶᠢᠨ ᠬᠢᠴᠢᠶᠡᠯ ᠪᠣᠯᠤᠨ 21 ᠪᠠᠭ᠎ᠠ ᠬᠢᠴᠢᠶᠡᠯ ᠰᠤᠨᠤᠰᠣᠭᠠᠳ ᠲᠣᠤᠷᠠᠬᠢ ᠮᠡᠳᠦ ᠲᠣᠬᠢᠷᠠᠭᠣᠯᠤᠯᠲᠠ ᠬᠡᠮᠡᠷᠬᠡᠨ ᠪᠠᠢᠢᠳᠠᠯ ᠢᠯᠡᠷᠡᠭᠰᠡᠨ ᠪᠠ ᠡᠪᠡᠳᠴᠢᠨ ᠡᠮᠬᠡᠭ ᠠᠷᠢᠯᠵᠣ ᠣᠳᠤᠭᠰᠠᠨ ᠪᠠᠢᠢᠨ᠎ᠠ ᠃
ᠨᠢᠭᠡ ᠂ ᠲᠣᠬᠢᠷᠠᠭᠣᠯᠤᠯᠲᠠ ᠬᠡᠮᠡᠷᠬᠡᠨ ᠪᠠᠢᠢᠳᠠᠯ ᠄
1 ᠂ ᠬᠠᠴᠠᠷ ᠨᠢᠭᠣᠷ ᠤᠨ ᠡᠨᠳᠡ ᠲᠡᠨᠳᠡ ᠬᠡᠰᠡᠭ ᠢᠶᠡᠷ ᠵᠠᠬᠠᠯᠠᠭᠰᠠᠨ᠃
2 ᠂ ᠶᠡᠬᠡ ᠪᠡᠷ ᠬᠡᠭᠡᠷᠡᠵᠦ ᠂ ᠣᠩᠭᠠᠰᠤ ᠠᠯᠳᠠᠭᠰᠠᠨ ᠃
3 ᠂ ᠴᠢᠬᠢ ᠪᠠ ᠭᠠᠷ ᠨᠡᠢᠢᠳᠡᠮ ᠴᠢᠬᠢᠭᠳᠦᠵᠦ ᠂ ᠬᠦᠯᠦᠰᠦᠷᠡᠭᠰᠡᠨ᠃
4 ᠂ ᠦᠷᠭᠦᠯᠵᠢ ᠡᠪᠡᠰᠢᠶᠡᠵᠦ ᠂ ᠨᠠᠢᠳᠠᠭᠠᠭᠰᠠᠨ ᠃
ᠬᠣᠶᠠᠷ ᠂ ᠠᠷᠢᠯᠵᠣ ᠣᠳᠤᠭᠰᠠᠨ ᠡᠪᠡᠳᠴᠢᠨ ᠄
1 ᠂ ᠣᠳᠠᠭᠠᠨ ᠡᠳᠦᠷ ᠢᠶᠡᠷ ᠬᠡᠯᠡ ᠬᠠᠷᠠᠯᠠᠵᠤ ᠂ ᠠᠮᠠ ᠬᠡᠯᠡ ᠂ ᠣᠷᠤᠭᠤᠯ ᠬᠠᠲᠠᠵᠤ ᠪᠠᠢᠢᠭᠰᠠᠨ ᠭᠡᠮ ᠠᠷᠬᠠᠭ ᠪᠦᠷᠢᠮᠦᠰᠦᠨ ᠠᠷᠢᠯᠪᠠ ᠃
2 ᠂ ᠪᠡᠭᠡᠵᠢᠩ ᠳᠦ ᠮᠠᠰᠠ ᠵᠠᠰᠠᠯ ᠬᠢᠯᠭᠡᠭᠡᠳ ᠨᠡᠢᠢᠳᠡᠮ ᠭᠦᠷᠪᠦᠢᠢᠨ ᠡᠪᠡᠳᠴᠦ ᠢᠷᠡᠭᠰᠡᠨ ᠰᠢᠷᠬ᠎ᠠ ᠰᠣᠷᠪᠢ ᠵᠠᠭᠤᠨ ᠤ ᠲᠠᠪᠢ ᠪᠠᠷ ᠡᠳᠡᠭᠡᠷᠡᠵᠦ ᠂ ᠡᠪᠡᠳᠬᠦ ᠨᠢ ᠨᠢᠭᠡᠮᠦᠰᠦᠨ ᠠᠷᠢᠯᠤᠭᠠᠳ ᠭᠣᠬᠤᠢᠢᠵᠤ ᠶᠠᠪᠣᠵᠤ ᠪᠠᠢᠭᠰᠠᠨ ᠪᠢ ᠭᠡᠳᠡᠢᠢᠵᠦ ᠶᠠᠪᠣᠵᠤ ᠴᠢᠳᠠᠬᠤ ᠪᠣᠯᠤᠭᠰᠠᠨ ᠃
3 ᠂ ᠢᠳᠡᠭᠡᠨ ᠦ ᠲᠣᠷᠠᠰᠢᠯ ᠲᠦᠢᠯ ᠢᠶᠡᠷ ᠰᠠᠢᠢᠵᠢᠷᠠᠵᠤ ᠂ ᠣᠤᠯ ᠤᠨ ᠨᠢᠭᠡ ᠴᠠᠭ ᠲᠤ ᠬᠠᠭᠠᠰ ᠪᠣᠶᠤ ᠨᠢᠭᠡ ᠮᠠᠨᠲ᠋ᠸᠦ ᠢᠳᠡᠬᠦ ᠪᠠᠢᠭᠰᠠᠨ ᠡᠴᠡ ᠪᠡᠨ ᠣᠳᠤ ᠨᠢᠭᠡ ᠴᠠᠭ ᠲᠤ ᠬᠣᠶᠠᠷ ᠢ ᠢᠳᠡᠬᠦ ᠪᠣᠯᠤᠭᠰᠠᠨ ᠃
4 ᠂ ᠪᠡᠶ᠎ᠡ ᠶᠢᠨ ᠬᠦᠨᠳᠦ ᠨᠡᠮᠡᠭᠳᠡᠭᠡᠳ 70 ᠺᠢᠯᠣᠭ᠍ᠷᠠᠮ ᠪᠣᠯᠤᠭᠰᠠᠨ ᠃
5 ᠂ ᠭᠠᠷ ᠨᠡᠢᠢᠳᠡᠮ ᠬᠦᠢᠳᠡᠨ ᠪᠠᠢᠢᠭᠰᠠᠨ ᠭᠡᠮ ᠠᠷᠢᠯᠪᠠ ᠃
6 ᠂ ᠴᠢᠰᠣᠨ ᠲᠠᠷᠣᠯᠳᠠ 80 ︱ 120 ᠦ ᠬᠣᠭᠣᠷᠤᠨᠲᠤ ᠲᠣᠭᠳᠠᠪᠦᠷᠢᠵᠢᠪᠠ ᠃
7 ᠂ ᠲᠣᠯᠣᠭᠠᠨ ᠰᠠᠷ᠎ᠠ ᠶᠢᠨ 23 ᠦ ᠡᠳᠦᠷ ᠬᠢᠩᠭᠠᠨ ᠠᠢᠮᠠᠭ ᠤᠨ ᠮᠤᠩᠭᠣᠯ ᠡᠮᠨᠡᠯᠭᠡ ᠶᠢᠨ ᠬᠣᠷᠢᠶ᠎ᠠ ᠶᠢᠨ ᠽᠢ ᠲᠢ ᠪᠠᠢᠴᠠᠭᠠᠯᠳᠠ ᠳᠤ ᠡᠯᠢᠭᠡᠨ ᠲᠡᠭᠡᠷᠡᠬᠢ ᠭᠣᠷᠪᠠᠨ ᠬᠠᠪᠣᠳᠠᠷ ᠬᠦᠪᠲᠦᠷᠦᠦ ᠪᠦᠷᠢᠮᠦᠰᠦᠨ ᠠᠷᠢᠯᠵᠣ ᠣᠳᠤᠭᠰᠠᠨ ᠪᠠᠢᠢᠨ᠎ᠠ ᠃
8 ᠂ ᠰᠡᠳᠭᠢᠯ ᠰᠠᠨᠠᠭ᠎ᠠ ᠡᠳᠦᠷᠵᠢᠨ ᠪᠠᠶᠠᠰᠣᠩᠭᠣᠢ ᠪᠣᠯᠵᠣ ᠬᠣᠪᠢᠷᠠᠯᠠ ᠃
ᠣᠳᠤ ᠮᠢᠨᠣ ᠭᠠᠳᠠᠭᠠᠯᠠᠬᠣ ᠳᠤ ᠬᠦᠴᠢᠷᠳᠡᠯ ᠲᠠᠢ ᠭᠡᠮ ᠠᠷᠬᠠᠭ ᠲᠡᠢᠢᠮᠦ ᠮᠡᠳᠡᠭᠳᠡᠮ᠎ᠡ ᠢᠯᠡᠷᠢᠰᠢᠭᠡ ᠦᠭᠡᠢ ᠪᠠᠢᠢᠭᠰᠠᠭᠠᠷ ᠃ ᠭᠡᠰᠡᠨ ᠴᠣ ᠪᠢ ᠦᠴᠦᠬᠡᠨ ᠴᠤ ᠵᠣᠪᠠᠬᠤ ᠦᠭᠡᠢ ᠂ ᠵᠦᠪᠬᠡᠨ ᠬᠢᠴᠢᠶᠡᠯ ᠢᠶᠡᠨ ᠪᠠᠳᠣᠳᠬᠠᠨ ᠰᠣᠨᠤᠰᠤᠭᠰᠠᠨ ᠴᠠᠭ ᠲᠤ ᠣᠳᠠᠯ ᠦᠭᠡᠢ ᠯᠠᠪᠲᠠᠢ ᠠᠷᠢᠯᠣᠨᠠ ᠭᠡᠳᠡᠭ ᠢ ᠪᠠᠳᠣ ᠢᠳᠡᠭᠡᠵᠦ ᠪᠠᠢᠨ᠎ᠠ ᠃
ᠪᠡᠶ᠎ᠡ ᠰᠡᠳᠭᠢᠴᠡ ᠶᠢ ᠬᠠᠷᠢᠯᠴᠠᠨ ᠣᠶᠠᠯᠳᠣᠭᠤᠯᠬᠣ ᠵᠠᠰᠠᠯ ᠨᠢ ᠰᠢᠨ᠎ᠡ ᠡᠷᠡᠨ ᠦ ᠰᠢᠨᠵᠢᠯᠡᠬᠦ ᠣᠬᠠᠭᠠᠨᠴᠢ ᠠᠨᠠᠭᠠᠬᠤ ᠤᠬᠠᠭᠠᠨ ᠮᠦᠨ ᠃ ᠷᠢᠳᠢ ᠰᠢᠳᠢ ᠲᠡᠶ ᠂ ᠭᠠᠢᠢᠬᠠᠮᠰᠢᠭᠳᠣ ᠦᠢᠯᠡᠳᠦᠯᠭᠡ ᠶᠢᠨ ᠦᠷ᠎ᠡ ᠠᠰᠢᠭ ᠲᠠᠢ ᠡᠷᠡᠭᠦᠯ ᠡᠩᠬᠡ ᠶᠢᠨ ᠵᠠᠰᠠᠯ ᠮᠦᠨ ᠃
ᠨᠠ ᠪᠠᠭᠰᠢ ᠡ ︕ ᠲᠠᠨ ᠤ ᠵᠠᠷᠢᠮ ᠬᠢᠴᠢᠶᠡᠯᠳ᠋ᠡᠬᠢ ︽ ᠦᠮᠠᠨ ᠨᠢ ᠤᠳᠠᠭᠠᠨ ᠴᠢᠨᠠᠷ ᠲᠠᠢ ᠡᠪᠡᠳᠴᠢᠨ ᠂ ᠠᠶᠤᠨ ᠰᠠᠨᠳᠣᠷᠠᠬᠣ ᠬᠡᠷᠡᠭ ᠦᠭᠡᠢ ᠂ ᠦᠮᠠᠨ ᠤ ᠡᠰ ᠢ ᠪᠡᠶ᠎ᠡ ᠳᠦ ᠪᠡᠨ ᠬᠠᠳᠠᠭᠠᠯᠠᠵᠤ ᠪᠠᠢᠢᠭᠠᠳ ᠨᠢᠭᠡ ᠯᠠ ᠠᠳᠠᠯᠢ ᠵᠠᠭᠣ ᠬᠣᠷᠢᠨ ᠨᠠᠰᠣᠯᠠᠵᠤ ᠲᠡᠢᠢᠯᠦᠨᠡ ︾ ᠭᠡᠬᠦ ᠭᠦᠨ ᠣᠴᠢᠷ ᠶᠣᠰᠣ ᠪᠦᠬᠦᠢ ᠪᠠᠲᠣ ᠴᠢᠩᠭ᠎ᠠ ᠶᠠᠷᠢᠶ᠎ᠠ ᠰᠢᠭᠦᠮᠵᠢ ᠴᠢᠨᠢ ᠨᠠᠳᠠᠳᠤ ᠬᠢᠵᠠᠭᠠᠯᠠᠰᠢ ᠦᠭᠡᠢ ᠵᠣᠷᠢᠭᠵᠢᠭᠣᠯᠤᠯ ᠪᠣᠯᠵᠣ ᠂ ᠡᠷᠴᠢ ᠵᠣᠷᠢᠭ ᠢ ᠮᠢᠨᠢ ᠬᠦᠪᠴᠢᠯᠡᠨ ᠠᠮᠢᠳᠣᠷᠠᠯ ᠤᠨ ᠬᠦᠴᠦᠨ ᠢ ᠲᠡᠭᠦᠯᠳᠡᠷᠵᠢᠭᠦᠯᠪᠡ ᠃ ᠲᠠ ᠪᠣᠯ ᠨᠡᠬᠡᠷᠡᠨ ᠨᠡᠢᠢᠳᠡ ᠣᠯᠠᠨ ᠤ ᠪᠠᠨ ᠵᠣᠪᠠᠯᠠᠩ ᠢ ᠨᠢᠮᠬᠡᠷᠡᠭᠦᠯᠦᠨ ᠨᠠᠰᠣ ᠶᠢ ᠤᠷᠳᠤᠳᠬᠬᠤ ᠪᠣᠶᠠᠨ ᠤ ᠦᠢᠯᠡ ᠶᠢ ᠡᠷᠬᠢᠯᠡᠵᠦ ᠶᠠᠪᠣᠭ᠎ᠠ ᠡᠷᠳᠡᠮᠲᠡᠨ ᠬᠦᠮᠦᠨ ᠮᠦᠨ ᠃ ᠰᠢᠯᠢᠳᠡᠭ ᠰᠢᠨᠵᠢᠯᠡᠬᠦ ᠤᠬᠠᠭᠠᠨᠳᠠᠨ ᠮᠦᠨ ᠃ ᠦᠨᠳᠦᠰᠦᠳᠡᠨ ᠦ ᠰᠣᠶᠣᠯ ᠢᠶᠠᠨ ᠣᠯᠠᠮᠵᠢᠯᠠᠨ ᠬᠦᠭᠵᠢᠭᠦᠯᠦᠭᠴᠢ ᠬᠦᠬᠡ ᠮᠣᠩᠭᠤᠯ ᠤᠨ ᠣᠳᠤᠮ ᠰᠣᠳᠤᠷᠳᠤ ᠬᠣᠢᠢᠴᠢᠰ ᠮᠥᠨ ᠃ ᠬᠦᠮᠦᠨ ᠲᠦᠷᠦᠯᠬᠢᠳᠡᠨ ᠦ ᠢᠳᠡᠭᠡᠯ ᠪᠢᠰᠢᠷᠡᠯ ᠦᠨ ᠰᠢᠲᠦᠭᠡᠨ ᠮᠦᠨ ᠃
ᠨᠠ ᠪᠠᠭᠰᠢ ᠡ ︕ ᠡᠷᠭᠢᠭᠦᠦ ᠮᠣᠩᠬᠠᠭ ᠣᠯᠳᠤᠢ ᠰᠣᠷᠣᠭᠴᠢ ᠴᠢᠨᠢ ᠂ ᠮᠣᠷᠣᠢ ᠰᠣᠷᠤᠢ ᠵᠠᠮᠨᠠᠭᠰᠠᠨ ᠢᠶᠠᠨ ᠪᠣᠳᠤᠬᠣᠯᠠᠷ ᠮᠡᠯᠮᠡᠯᠵᠡᠬᠦ ᠨᠢᠯᠪᠣᠰᠣ ᠪᠦᠮᠪᠦᠷᠢᠨ ᠪᠦᠮᠪᠦᠷᠢᠨ᠎ᠡ ᠃ ᠪᠢ ᠬᠡᠷᠪᠡ ᠂ ᠲᠠᠨ ᠤ ᠪᠠᠨ ᠡᠨᠡᠬᠦ ᠡᠮᠨᠡᠯᠭᠡ ᠵᠠᠰᠠᠯ ᠤᠨ ᠡᠷᠬᠢᠮ ᠲᠡᠭᠡᠳᠦ ᠰᠤᠷᠭᠠᠨ ᠬᠦᠮᠦᠵᠢᠯ ᠢ ᠣᠯᠵᠤ ᠬᠦᠷᠳᠡᠭᠰᠡᠨ ᠦᠭᠡᠢ ᠪᠣᠯ ᠠᠯᠠᠭᠬᠠᠨ ᠬᠣᠷᠸ᠎ᠠ ᠳᠤ ᠠᠬᠢᠭᠠᠳ ᠬᠡᠷᠬᠢᠨ ᠪᠣᠰᠴᠤ ᠲᠡᠢᠯᠦᠬᠦ ᠪᠢᠯᠡ ᠪᠦᠳᠦᠷᠢᠯ ᠦᠨ ᠲᠣᠢᠯ ᠳᠤ ᠲᠣᠯᠬᠤ ᠳᠤ ᠪᠦᠪᠡᠢᠯᠡᠭᠡᠳ ᠠᠪᠣᠭᠰᠠᠨᠨ ᠨᠢ ᠨᠠ ᠪᠠᠭᠰᠢ ᠲᠠᠨ ᠤ ᠡᠷᠬᠢᠮ ᠨᠠᠨᠳᠢᠨ ᠦᠢᠯᠡᠰ ᠪᠠᠢᠨᠠᠮ ︕ ᠲᠠ ᠮᠢᠨᠢ ᠨᠠᠳᠠᠳᠤ ᠠᠳᠠᠯᠢ ᠮᠣᠬᠣᠷᠳᠠᠯ ᠤᠨ ᠲᠣᠢᠯ ᠳᠤ ᠲᠣᠯᠵᠤ ᠂ ᠦᠬᠦᠯ ᠦᠨ ᠵᠠᠮ ᠳᠤ ᠪᠠᠨ ᠣᠷᠤᠭᠰᠠ᠋ᠳ ᠢ ᠬᠡᠴᠢᠨᠡᠨ ᠠᠪᠣᠷᠠᠭᠰᠠᠨ ᠢ ᠪᠣᠤ ᠮᠡᠳᠡ ︕ ᠨᠠ ᠪᠠᠭᠰᠢ ᠲᠠ ᠪᠣᠯ ᠠᠷᠠᠳ ᠲᠦᠮᠡᠨ ᠦ ᠠᠪᠣᠷᠠᠭᠴᠢ ᠣᠳᠤᠨ ᠂ ᠣᠯᠤᠰ ᠭᠡᠷ ᠦᠨ ᠭᠠᠪᠢᠶ᠎ᠠ ᠵᠢᠳᠭᠦᠯᠳᠡᠨ ᠮᠦᠨ ᠃ ᠲᠠᠨ ᠤ ᠦᠢᠯᠡᠰ ᠲᠦᠮᠡᠨ ᠨᠠᠰᠣᠯᠠᠳᠣᠭᠠᠢ ᠭᠡᠵᠦ ᠲᠠᠯ᠎ᠠ ᠪᠠᠨ ᠬᠦᠩᠭᠢᠨᠡᠳᠡᠯᠡ ᠣᠷᠢᠶᠠᠯᠠᠵᠤ ᠶᠠᠪᠣᠶ᠎ᠠ ᠪᠢ ᠲᠠᠨ ᠳᠤ ᠪᠠᠨ ᠬᠠᠢᠷᠠᠲᠠᠢ ᠪᠢᠳᠡ ᠴᠦᠮ ᠲᠠᠨ ᠳᠤ ᠪᠠᠨ ᠬᠠᠢᠢᠷᠠᠲᠠᠢ ᠂ ᠲᠠᠨ ᠤ ᠪᠠᠨ ᠠᠭᠣᠯᠠ ᠡᠴᠡ ᠦᠨᠳᠦᠷ ᠲᠠᠯᠠᠢ ᠡᠴᠡ ᠭᠦᠨ ᠠᠴᠢ ᠭᠠᠪᠢᠶ᠎ᠠ ᠶᠢ ᠡᠨᠡ ᠨᠠᠰᠤᠨ ᠳᠤ ᠪᠠᠨ ᠶᠠᠭᠠᠬᠢᠵᠣ ᠴᠣ ᠬᠠᠷᠢᠭᠣᠯᠣᠶᠠ︕ ᠭᠡᠰᠡᠨ ᠴᠤ ᠲᠠᠨ ᠤ ᠪᠠᠨ ᠠᠴᠢ ᠶᠢ ᠪᠢ ᠵᠠᠪᠠᠯ ᠬᠠᠷᠢᠭᠤᠯᠬᠤ ᠪᠠᠷ ᠲᠠᠨ ᠤ ᠪᠠᠨ ᠰᠣᠷᠭᠠᠯ ᠢ ᠪᠠᠲᠣ ᠴᠡᠭᠡᠵᠢᠯᠡᠵᠦ ᠂ ᠲᠦᠭᠰᠢᠬᠦ ᠵᠢᠷᠦᠬᠡ ᠪᠡᠨ ᠣᠯᠠᠢᠯᠭᠠᠵᠤ ᠂ ᠲᠦᠮᠡᠨ ᠣᠯᠠᠨ ᠢᠶᠠᠨ ᠲᠡᠮᠵᠢᠨ ᠲᠣᠰᠠᠯᠠᠵᠤ ᠶᠠᠪᠣᠶ᠎ᠠ ︕
ᠬᠠᠮᠣᠭ ᠰᠡᠭᠦᠯ ᠳᠦ ᠂ ᠨᠠ ᠪᠠᠭᠰᠢ ᠵᠢᠴᠢ ᠨᠠ ᠪᠠᠭᠰᠢ ᠲᠦᠷᠦᠭᠦᠳᠠᠢ ᠪᠡᠶ᠎ᠡ ᠰᠡᠳᠭᠢᠴᠡ ᠶᠢ ᠬᠠᠷᠢᠯᠴᠠᠨ ᠣᠶᠠᠯᠳᠣᠭᠤᠯᠬᠣ ᠵᠠᠰᠠᠯ ᠤᠨ ᠪᠦᠬᠦ ᠡᠮᠴᠢ ᠰᠣᠪᠢᠯᠠᠭᠴᠢ ᠨᠠᠷ ᠲᠤ ᠪᠠᠨ ᠴᠢᠩ ᠰᠡᠳᠭᠢᠯ ᠦᠨ ᠣᠭ ᠡᠴᠡ ᠪᠡᠨ ᠬᠦᠨ ᠲᠠᠯᠠᠷᠬᠠᠵᠤ ᠂ ᠡᠷᠬᠢᠮ ᠣᠯᠠᠨ ᠬᠠᠮᠳᠤ ᠰᠣᠷᠤᠯᠭᠠᠳᠠᠨ ᠨᠠᠷ ᠤᠨ ᠢᠶᠠᠨ ᠡᠩᠬᠡ ᠠᠮᠣᠭᠣᠯᠠᠨᠩ ᠢ ᠵᠦᠩᠨᠡᠶ᠎ᠡ ︕
1
0