ᠠᠩᠬᠠᠳᠤᠭᠠᠷ ᠤᠳᠠᠭ᠎ᠠ ᠪᠣᠭᠤᠮᠲᠠ ᠦᠩᠭᠡᠷᠡᠬᠦ ᠳᠦ ᠲᠤᠷᠰᠢᠯᠭ᠎ᠠ ᠦᠭᠡᠢ ᠠᠴᠠ ᠪᠣᠯᠵᠤ ᠰᠡᠳᠬᠢᠯ ᠰᠠᠮᠭᠠᠷᠳᠠᠬᠤ ᠪᠠᠶᠢᠳᠠᠯ ᠭᠠᠷᠴᠤ ᠮᠠᠭᠠᠳ ᠦᠭᠡᠢ ᠤᠴᠢᠷ ᠠᠴᠠ ᠦᠪᠡᠷ ᠦᠨ ᠦᠩᠭᠡᠷᠡᠯᠲᠡ ᠪᠡᠨ ᠡᠨᠳᠡ ᠨᠢᠭᠡ ᠬᠤᠪᠢ ᠲᠡᠮᠲᠡᠭᠯᠡᠨ ᠬᠤᠪᠢᠶᠠᠯᠴᠠᠶ᠎ᠠ
ᠮᠣᠩᠭᠣᠯ ᠳᠤ ᠣᠴᠢᠬᠤ ᠳᠤ ᠨᠢᠰᠭᠡᠯ ᠢᠶᠡᠷ ᠪᠤᠶᠤ ᠭᠠᠯᠲᠤ ᠲᠡᠷᠭᠡ᠂ ᠠᠶᠠᠨᠴᠢᠳ ᠤᠨ ᠮᠠᠰᠢᠨ ᠲᠡᠷᠭᠡ ᠪᠡᠷ ᠪᠦᠷ ᠴᠦ ᠣᠴᠢᠬᠤ ᠪᠣᠯᠤᠮᠵᠢ ᠲᠠᠢ᠂ ᠡᠭᠦᠨ ᠳᠦ ᠨᠠᠳᠠᠳᠤ ᠠᠶᠠᠨᠴᠢᠳ ᠤᠨ ᠮᠠᠰᠢᠨ ᠲᠡᠷᠭᠡᠨ ᠳᠦ ᠰᠠᠭᠤᠵᠦ ᠡᠷᠢᠶᠡᠨ ᠦ ᠪᠣᠭᠤᠮᠲᠠ ᠪᠠᠷ ᠦᠩᠭᠡᠷᠡᠭᠰᠡᠨ ᠦᠩᠭᠡᠷᠡᠯᠲᠡ ᠲᠠᠢ ᠪᠢᠯᠡ᠃ ᠲᠦᠭᠦᠮᠵᠢᠯᠡᠭᠡᠳ ᠶᠠᠷᠢᠬᠤ ᠳᠤ ︽ᠡᠷᠢᠶᠡᠨ ᠬᠣᠲᠠ ᠤᠨ ᠣᠯᠠᠨ ᠤᠯᠤᠰ ᠤᠨ ᠠᠶᠠᠨᠴᠢᠳ ᠤᠨ ᠮᠠᠰᠢᠨ ᠤ ᠦᠷᠲᠡᠭᠡ → ᠳᠤᠮᠳᠠᠳᠤ ᠤᠯᠤᠰ ᠤᠨ ᠪᠣᠭᠤᠮᠲᠠ ᠠᠴᠠ ᠭᠠᠷᠬᠤ ᠪᠠᠶᠢᠴᠠᠭᠠᠯᠲᠠ → ᠮᠣᠩᠭᠣᠯ ᠤᠨ ᠪᠣᠭᠤᠮᠲᠠ ᠣᠷᠤᠬᠤ ᠪᠠᠶᠢᠴᠠᠭᠠᠯᠲᠠ → ᠵᠠᠮ ᠤᠨ ᠡᠭᠦᠳᠡ︾ ᠬᠡᠮᠡᠬᠦ ᠵᠠᠮ ᠱᠤᠭᠤᠮ ᠢᠶᠠᠷ ᠶᠠᠪᠤᠨ᠎ᠠ᠃
ᠨᠢᠭᠡ᠂ ᠡᠬᠢᠯᠡᠯᠲᠡ ᠶᠢᠨ ᠦᠷᠲᠡᠭᠡ᠄ ᠡᠷᠢᠶᠡᠨ ᠬᠣᠲᠠ ᠤᠨ ᠣᠯᠠᠨ ᠤᠯᠤᠰ ᠤᠨ ᠠᠶᠠᠨᠴᠢᠳ ᠤᠨ ᠮᠠᠰᠢᠨ ᠤ ᠦᠷᠲᠡᠭᠡ
ᠡᠨᠳᠡ ᠡᠴᠡ ᠪᠢᠯᠸᠲ ᠠᠪᠴᠤ ᠲᠡᠷᠭᠡᠨ ᠳᠦ ᠭᠠᠷᠴᠤ ᠴᠤ ᠪᠣᠯᠬᠤ ᠪᠠᠶᠢᠬ᠎ᠠ᠂ ᠪᠢᠯᠸᠲ ᠠᠪᠬᠤ ᠦᠭᠡᠢ ᠴᠤ ᠭᠡᠰᠡᠨ ᠦᠷᠲᠡᠭᠡᠨ ᠭᠠᠳᠠᠨ᠎ᠠ ᠳᠠᠩᠳᠠ ᠪᠠᠨ ︽ ᠪᠣᠭᠤᠮᠲᠠ ᠤᠷᠤᠭᠤ ᠶᠠᠪᠤᠨ᠎ᠠ ︾ ᠭᠡᠵᠦ ᠬᠠᠰᠬᠢᠷᠴᠤ ᠪᠠᠶᠢᠭ᠎ᠠ ᠵᠢᠯᠣᠭᠣᠴᠢ ᠲᠠᠭᠠᠷᠠᠯᠳᠤᠳᠠᠭ᠃ ᠲᠡᠳᠡᠨᠦᠰ ᠢ ᠳᠠᠭᠠᠭᠠᠳ ᠠᠶᠠᠨᠴᠢᠳ ᠤ ᠮᠠᠰᠢᠨ ᠲᠡᠷᠭᠡᠨ ᠳᠦ ᠨᠢ ᠰᠠᠭᠤᠬᠤ ᠳᠤ ᠯᠡ ᠪᠣᠯᠤᠨ᠎ᠠ᠃ ᠪᠢ 2023 ᠣᠨ ᠤ 7 ᠰᠠᠷ᠎ᠠ ᠳᠤ ᠣᠴᠢᠬᠤ ᠪᠠᠷ ᠦᠨ᠎ᠡ ᠨᠢ 50 ᠶᠤᠸᠠᠨ ᠪᠠᠶᠢᠭᠰᠠᠨ ᠪᠢᠯᠡ᠃ ᠶᠠᠭ ᠡᠬᠢᠨ ᠡᠴᠡ ᠨᠢ ᠵᠠᠮ ᠤᠨ ᠡᠭᠦᠳᠡ ᠬᠦᠷᠭᠡᠨ᠎ᠡ᠂ ᠲᠡᠷᠭᠡᠨ ᠡᠴᠡ ᠪᠠᠭᠤᠭᠠᠳ ᠬᠡᠳᠦᠨ ᠵᠠᠭᠤᠨ ᠮᠸᠲᠷ ᠠᠯᠬᠤᠭᠰᠠᠭᠠᠷ ᠵᠠᠮ ᠤᠨ ᠡᠭᠦᠳᠡ ᠶᠢᠨ ᠭᠠᠯᠲᠤ ᠲᠡᠷᠭᠡᠨ ᠦᠷᠲᠡᠭᠡᠨ ᠳᠦ ᠬᠦᠷᠴᠢᠬᠡᠨ᠎ᠡ᠃
ᠬᠣᠶᠠᠷ᠂ ᠳᠤᠮᠳᠠᠳᠤ ︵ᠬᠢᠲᠠᠳ︶ ᠤᠯᠤᠰ ᠤᠨ ᠪᠣᠭᠤᠮᠲᠠ

ᠢᠩᠭᠢᠵᠦ ᠬᠢᠯᠢ ᠦᠩᠭᠡᠷᠡᠬᠦ ᠨᠢ ᠶᠠᠷᠤ ᠨᠢ ᠬᠣᠶᠠᠷ ᠳᠠᠮ ᠤᠨ ᠪᠠᠶᠢᠴᠠᠭᠠᠯᠲᠠ ᠶᠤᠮ᠃ ᠳᠠᠷᠤᠢ ᠵᠠᠮ ᠳᠤᠮᠳᠠ ᠪᠠᠨ ᠬᠣᠶᠠᠷ ᠤᠳᠠᠭ᠎ᠠ ᠲᠡᠷᠭᠡᠨ ᠡᠴᠡ ᠪᠠᠭᠤᠵᠦ ᠰᠢᠯᠭᠠᠨ ᠪᠠᠶᠢᠴᠠᠭᠠᠯᠲᠠ ᠶᠢ ᠦᠩᠭᠡᠷᠡᠨ᠎ᠡ᠃
1.ᠮᠠᠰᠢᠨ ᠠᠴᠠ ᠭᠠᠷᠲᠠᠮ ᠭᠦᠢᠴᠡᠳᠬᠡᠬᠦ
ᠪᠣᠭᠤᠮᠲᠠ ᠶᠢᠨ ᠶᠡᠬᠡ ᠲᠠᠩᠬᠢᠮ ᠳᠤ ᠣᠷᠤᠭᠰᠠᠨ ᠤ ᠳᠠᠷᠠᠭ᠎ᠠ ᠪᠠᠷ ᠬᠦᠮᠦᠰ ᠢ ᠳᠠᠭᠠᠵᠤ ᠮᠠᠰᠢᠨ ᠳᠡᠭᠡᠷ᠎ᠡ ᠦᠪᠡᠷ ᠦᠨ ᠦᠨᠳᠦᠰᠦᠨ ᠮᠡᠳᠡᠭᠡ ᠪᠡᠨ ᠲᠠᠭᠯᠠᠬᠤ ᠶᠢᠨ ᠵᠡᠷᠭᠡ ᠵᠢᠷᠤᠭ ᠮᠡᠲᠦ ᠬᠠᠭᠤᠳᠠᠰᠤ ᠭᠠᠷᠴᠤ ᠢᠷᠡᠨ᠎ᠡ᠃

ᠡᠨᠡ ᠬᠦ ᠬᠠᠭᠤᠳᠠᠰᠤ ᠪᠠᠨ ᠠᠪᠴᠤ ᠠᠮᠤᠷ ᠢ ᠪᠠᠶᠢᠴᠠᠭᠠᠬᠤ ᠡᠭᠦᠳᠡᠨ ᠳᠦ ᠣᠴᠢᠵᠦ ᠮᠡᠷᠭᠡᠨ ᠴᠣᠬᠤᠷ ᠢ ᠨᠢ ᠤᠩᠰᠢᠭᠤᠯᠤᠨ᠎ᠠ᠂ᠠᠪᠴᠤ ᠶᠠᠪᠤᠭ᠎ᠠ ᠪᠣᠭᠴᠤ ᠪᠠᠭᠯᠠᠭ᠎ᠠ ᠪᠠᠨ ᠰᠢᠯᠭᠠᠭᠤᠯᠤᠨ᠎ᠠ᠃ ᠲᠡᠭᠡᠭᠰᠡᠭᠡᠷ ᠯᠡ ᠭᠠᠷᠴᠤ ᠡᠭᠦᠳᠡᠨ ᠡᠴᠡ ᠦᠪᠡᠷ ᠦᠨ ᠰᠠᠭᠤᠭ᠎ᠠ ᠠᠶᠠᠨᠴᠢᠳ ᠤᠨ ᠮᠠᠰᠢᠨ ᠲᠡᠷᠭᠡ ︵ᠰᠠᠭᠤᠳᠠᠯ ᠤᠨ ᠮᠠᠰᠢᠨ︶ ᠪᠠᠨ ᠬᠠᠶᠢᠵᠦ ᠣᠴᠢᠵᠦ ᠰᠠᠭᠤᠭᠰᠠᠭᠠᠷ ᠪᠣᠯᠴᠢᠬᠠᠨ᠎ᠠ᠃
2.ᠰᠠᠭᠤᠭᠰᠠᠨ ᠮᠠᠰᠢᠨ ᠪᠠ ᠵᠢᠯᠣᠭᠣᠴᠢ ᠪᠠᠨ ᠰᠠᠶᠢᠨ ᠲᠠᠨᠢᠵᠦ ᠠᠪᠤᠭᠠᠷᠠᠢ
ᠬᠦᠮᠦᠨ ᠣᠯᠠᠨ ᠦᠶᠡᠰ ᠵᠡᠷᠭᠡ ᠪᠡᠷ ᠶᠠᠪᠤᠵᠦ ᠪᠠᠶᠢᠭ᠎ᠠ ᠲᠡᠷᠭᠡ ᠴᠤ ᠨᠡᠯᠢᠶᠡᠳ ᠣᠯᠠᠨ ᠪᠠᠶᠢᠳᠠᠭ᠂ ᠪᠣᠷᠤᠭᠤ ᠲᠡᠷᠭᠡᠨ ᠳᠦ ᠭᠠᠷᠬᠤ ᠠᠴᠠ ᠪᠣᠯᠭᠤᠮᠵᠢᠯᠠᠭᠠᠷᠠᠢ ︵ᠰᠦᠯᠵᠢᠶᠡᠨ ᠡᠴᠡ ᠬᠠᠷᠠᠭᠰᠠᠨ ᠢᠶᠠᠷ ᠳᠤᠷ᠎ᠠ ᠶᠢᠨ ᠲᠡᠷᠭᠡᠨ ᠳᠦ ᠭᠠᠷᠤᠨ ᠰᠠᠭᠤᠭᠰᠠᠨ ᠴᠤ ᠬᠦᠷᠭᠡᠴᠢᠬᠡᠨᠡ ᠭᠡᠵᠦ ᠶᠠᠷᠢᠵᠦ ᠪᠠᠶᠢᠭᠰᠠᠨ ᠴᠦ ᠪᠠᠶᠢᠭ᠎ᠠ᠂ ᠬᠦᠮᠦᠨ ᠴᠦᠬᠡᠨ ᠦᠶᠡᠰ ᠲᠡᠶᠢᠮᠦ ᠪᠠᠶᠢᠵᠦ ᠮᠠᠭᠠᠳ᠂ ᠨᠠᠮᠠᠢᠢ ᠰᠠᠭᠤᠬᠤ ᠳᠤ ᠴᠦᠮ ᠦᠪᠡᠷ ᠦᠨ ᠲᠡᠷᠭᠡᠨ ᠳᠦ ᠪᠡᠨ ᠯᠡ ᠭᠠᠷᠴᠦ ᠪᠠᠶᠢᠪᠠ᠂ ᠵᠢᠯᠣᠭᠣᠴᠢ ᠪᠦᠷ ᠬᠦᠮᠦᠨ ᠢᠶᠡᠨ ᠬᠦᠯᠢᠶᠡᠵᠦ ᠰᠠᠭᠤᠳᠠᠭ︶᠃
ᠭᠤᠷᠪᠠ᠂ ᠮᠣᠩᠭᠣᠯ ᠤᠯᠤᠰ ᠤᠨ ᠪᠣᠭᠤᠮᠲᠠ

1.ᠬᠢᠨᠠᠭᠴᠢ ᠪᠠᠷ ᠮᠠᠲᠸᠷᠢᠶᠠᠯ ᠢᠶᠠᠨ ᠬᠢᠨᠠᠭᠤᠯᠬᠤ

ᠡᠨᠳᠡ ᠪᠢᠳᠡᠨ ᠦ ᠸᠢᠽ ᠢ ᠬᠢᠨᠠᠳᠠᠭ᠂ ᠪᠢ ᠸᠢᠽ ᠢᠶᠠᠨ ᠮᠣᠩᠭᠤᠯ ᠤᠨ ᠡᠯᠸᠺᠲᠷᠣᠨ ᠸᠢᠽ ᠦᠨ ᠰᠠᠶᠢᠲ ᠠᠴᠠ ᠦᠪᠡᠷᠲᠡᠭᠡᠨ ᠡᠷᠡᠮᠵᠢᠯᠡᠭᠰᠡᠨ ︵ ︽ ᠮᠣᠩᠭᠣᠯ ᠤᠯᠤᠰ ᠤᠨ ᠸᠢᠽ ᠡᠷᠡᠮᠵᠢᠯᠡᠭᠰᠡᠨ ᠨᠢ
多然哈拉蒙语网 (duurn.cn) ︾ ᠬᠡᠮᠡᠬᠦ ᠨᠡᠶᠢᠲᠡᠯᠡᠯ ᠳᠦ ᠡᠮᠦᠨ᠎ᠡ ᠨᠢ ᠪᠢᠴᠢᠭᠰᠡᠨ ᠪᠠᠶᠢᠨ᠎ᠠ ︶ ᠪᠦᠭᠡᠳ ᠥᠩᠭᠡ ᠲᠠᠢ ᠪᠠᠷ ᠲᠠᠷᠤᠮᠯᠠᠨ ᠭᠠᠷᠭᠠᠭᠰᠠᠨ ᠢᠶᠠᠨ ᠬᠠᠷᠠᠭᠤᠯᠪᠠ᠃
ᠸᠢᠽ ᠬᠢᠨᠠᠭᠴᠢ ᠠᠴᠠ ᠪᠠᠰᠠ ︽ ᠶᠠᠮᠠᠷ ᠣᠨᠤᠭᠠᠨ ᠳᠤ ᠰᠠᠭᠤᠵᠦ ᠢᠷᠡᠪᠡ︖︾ ᠭᠡᠰᠡᠨ ᠠᠰᠠᠭᠤᠯᠲᠠ ᠲᠠᠯᠪᠢᠪᠠ᠂ ᠪᠢ ᠪᠣᠭᠤᠮᠲᠠ ᠭᠠᠷᠤᠭᠰᠠᠨ ᠤ ᠳᠠᠷᠠᠭ᠎ᠠ ᠪᠠᠷ ᠠᠶᠠᠮᠴᠢᠳ ᠤᠨ ᠮᠠᠰᠢᠨ ᠢᠶᠠᠨ ᠲᠠᠨᠢᠬᠤ ᠪᠠᠨ ᠪᠣᠯᠢᠬᠤ ᠠᠴᠠ ᠪᠣᠯᠭᠤᠮᠵᠢᠯᠠᠭᠠᠳ ᠤᠷᠢᠳᠴᠢᠯᠠᠨ ᠲᠡᠷᠭᠡᠨ ᠦ ᠳ᠋ᠤᠭᠠᠷ ᠢ ᠨᠢ ᠰᠡᠭᠦᠳᠡᠷᠯᠡᠭᠰᠡᠨ ᠪᠠᠶᠢᠪᠠ᠂ ᠲᠡᠭᠡᠬᠦ ᠪᠡᠷ ᠶᠠᠭ ᠲᠡᠭᠦᠨ ᠢᠶᠡᠨ ᠦᠵᠡᠭᠦᠯᠴᠢᠬᠡᠪᠡ᠃

2.ᠪᠣᠭᠴᠣ ᠪᠠᠭᠯᠠᠭ᠎ᠠ ᠪᠠᠨ ᠰᠢᠯᠭᠠᠭᠤᠯᠬᠤ
ᠮᠣᠩᠭᠤᠯ ᠤᠨ ᠪᠣᠭᠤᠮᠲᠠ ᠨᠢ ᠪᠣᠭᠴᠣ ᠪᠠᠭᠯᠠᠭ᠎ᠠ ᠰᠢᠯᠭᠠᠬᠤ ᠳᠤ ᠪᠠᠨ ᠲᠡᠳᠦᠢ ᠴᠢᠩᠭ᠎ᠠ ᠪᠢᠰᠢ᠂ ᠪᠡᠶ᠎ᠡ ᠳᠡᠬᠡᠨ ᠡᠭᠦᠷᠴᠦ ᠶᠠᠪᠤᠭ᠎ᠠ ᠪᠠᠭ᠎ᠠ ᠪᠣᠭᠴᠣ ᠶᠢ ᠰᠢᠯᠭᠠᠳᠠᠭ ᠦᠭᠡᠢ᠃
ᠭᠠᠷᠤᠭᠰᠠᠨ ᠤ ᠳᠠᠷᠠᠭ᠎ᠠ ᠪᠠᠷ ᠮᠦᠨ ᠴᠤ ᠦᠪᠡᠷ ᠦᠨ ᠰᠠᠭᠤᠭᠰᠠᠨ ᠮᠠᠨᠰᠢᠨ ᠢᠶᠠᠨ ᠡᠷᠢᠵᠦ ᠰᠠᠭᠤᠨ᠎ᠠ᠃

ᠳᠥᠷᠪᠡ᠂ ᠡᠬᠢᠯᠡᠯᠲᠡ ᠶᠢᠨ ᠦᠷᠲᠡᠭᠡ᠄ ᠵᠠᠮ ᠤᠨ ᠡᠭᠦᠳᠡ

ᠵᠠᠮ ᠤᠨ ᠡᠭᠦᠳᠡ ᠬᠦᠷᠬᠦ ᠪᠡᠷ ᠠᠶᠠᠨᠴᠢᠳ ᠤᠨ ᠮᠠᠰᠢᠨ ᠨᠢᠭᠡᠨ ᠲᠡᠷᠭᠡ ᠵᠣᠭᠰᠤᠬᠤ ᠭᠠᠵᠠᠷ ᠵᠣᠭᠰᠣᠨ᠎ᠠ᠂ ᠲᠡᠨᠳᠡ ᠪᠠᠭᠤᠭᠠᠳ ᠬᠡᠳᠦᠨ ᠵᠠᠭᠤᠨ ᠮᠸᠲᠷ ᠶᠠᠪᠤᠬᠤ ᠶᠢᠨ ᠵᠡᠷᠭᠡ Үйлчилгэний төв ︵ᠦᠢᠯᠡᠴᠢᠯᠡᠭᠡᠨ ᠦ ᠲᠥᠪ︶ ᠬᠡᠮᠡᠬᠦ ᠪᠢᠴᠢᠭ ᠲᠠᠢ ᠬᠣᠶᠠᠷ ᠳᠠᠪᠬᠤᠷ ᠠᠰᠠᠷ ᠤᠨ ᠳᠡᠷᠭᠡᠲᠡ ᠬᠦᠷᠦᠨ᠎ᠡ᠂ ᠲᠡᠷᠭᠡᠨ ᠡᠴᠡ ᠪᠠᠭᠤᠭᠰᠠᠨ ᠬᠦᠮᠦᠰ ᠴᠦᠮ ᠢᠶᠡᠷ ᠢᠶᠡᠨ ᠲᠡᠶᠢᠰᠢ ᠶᠠᠪᠤᠬᠤ ᠶᠤᠮ᠃ ᠵᠠᠮ ᠤᠨ ᠡᠭᠦᠳᠡ ᠲᠡᠳᠦᠢ ᠴᠤ ᠶᠡᠬᠡ ᠪᠢᠰᠢ ᠪᠦᠭᠡᠳ ᠭᠠᠯᠲᠤ ᠲᠡᠷᠭᠡᠨ ᠪᠢᠯᠸᠲ ᠠᠪᠬᠤ᠂ ᠵᠣᠭᠤᠰ ᠰᠣᠯᠢᠬᠤ ᠭᠠᠵᠠᠷ ᠴᠦᠮ ᠲᠡᠨᠳᠡ ᠪᠠᠶᠢᠬᠤ ᠤᠴᠢᠷ ᠠᠴᠠ᠃