ᠶᠢᠷᠳᠢᠨᠴᠣ ᠶᠢᠨ ᠬᠦᠮᠦᠨ
ᠪ ᠂ ᠠᠯᠲᠠᠨᠪᠠᠭᠠᠨ᠎ᠠ
ᠶᠢᠷᠳᠢᠨᠴᠣ ᠶᠢᠨ ᠬᠦᠮᠦᠨ
ᠪᠦᠮᠪᠦᠷᠴᠡᠭ ᠦᠨ ᠴᠢᠨᠡᠭᠡ ᠪᠣᠳᠣᠯ᠎ᠠ ᠭᠡᠳ
ᠪᠣᠯᠤᠳ ᠤᠨ ᠲᠡᠳᠦᠢ ᠨᠠᠰᠣᠯᠠᠬᠣ ᠦᠭᠡᠢ
ᠴᠠᠬᠢᠭᠣᠷ ᠰᠢᠬ ᠴᠠᠢᠯᠵᠠᠵᠤ ᠶᠠᠪᠣᠯ᠎ᠠ ᠭᠡᠳ
ᠴᠠᠬᠢᠯᠭᠠᠨ ᠤ ᠬᠢᠷᠢᠳᠠᠢ ᠭᠡᠷᠡᠯᠲᠦᠬᠦ ᠦᠭᠡᠢ
ᠶᠢᠷᠳᠢᠨᠴᠣ ᠶᠢᠨ ᠬᠦᠮᠦᠨ
ᠡᠵᠢ ᠰᠢᠭ ᠡᠨᠡᠷᠢᠨ ᠡᠨᠡᠷᠢᠯᠡ ᠭᠡᠳ
ᠡᠨᠡᠬᠡᠨ ᠬᠣᠷᠸ᠎ᠠ ᠶᠢ ᠣᠶᠠᠷᠠᠭᠤᠯᠵᠤ ᠲᠡᠢᠯᠦᠬᠦ ᠦᠭᠡᠢ
ᠡᠷᠭᠢᠨ ᠲᠠᠬᠢᠨ ᠬᠡᠴᠢᠨᠡᠨ ᠶᠠᠪᠣᠯ᠎ᠠ ᠭᠡᠳ
ᠡᠬᠡ ᠶᠢᠨ ᠬᠡᠪᠡᠯᠢ ᠳᠦ ᠪᠣᠴᠠᠨ ᠲᠠᠬᠢᠨ ᠲᠦᠷᠦᠵᠦ ᠲᠡᠢᠯᠦᠬᠦ ᠦᠭᠡᠢ
ᠶᠢᠷᠳᠢᠨᠴᠣ ᠶᠢᠨ ᠬᠦᠮᠦᠨ
ᠡᠩ ᠦᠨ ᠠᠷᠠᠳ ᠪᠣᠯᠵᠤ ᠵᠠᠶᠠᠭᠠᠴᠢᠬᠠᠭᠠᠳ
ᠡᠯᠵᠢᠭᠡ ᠠᠳᠠᠯᠢ ᠵᠦᠷᠢᠭᠦᠯᠬᠦ ᠦᠭᠡᠢ ᠨᠢ ᠵᠦᠪᠲᠠᠢ
ᠶᠢᠷᠳᠢᠨᠴᠣ ᠶᠢ ᠡᠵᠡᠯᠡᠨ ᠬᠠᠭᠠᠨ ᠰᠠᠭᠣᠭᠰᠠᠨ ᠴᠤ
ᠶᠠᠷᠭᠠᠴᠢᠨ ᠰᠢᠬ ᠬᠠᠷᠬᠢᠰᠯᠠᠬᠣ ᠦᠭᠡᠢ ᠨᠢ ᠵᠦᠢᠲᠠᠢ
ᠶᠢᠷᠳᠢᠨᠴᠣ ᠶᠢᠨ ᠬᠦᠮᠦᠨ
ᠰᠢᠳᠣᠷᠭᠣ ᠪᠠᠨ ᠱᠣᠯᠤᠵᠣ ᠲᠠᠷᠣᠯᠠᠭᠠᠳ
ᠰᠢᠮᠨᠣᠰ ᠢᠶᠠᠨ ᠲᠠᠬᠢᠬᠤ ᠦᠭᠡᠢ ᠨᠢ ᠵᠦᠪ ᠪᠢᠯᠡ
ᠨᠣᠮᠤᠬᠠᠨ ᠰᠢᠳᠣᠷᠭᠣ ᠰᠢᠬ ᠠᠪᠣᠷᠢᠯᠠᠭᠠᠳ
ᠨᠣᠬᠠᠢ ᠰᠢᠬ ᠲᠣᠯᠢᠶᠠᠵᠣ ᠶᠠᠪᠣᠬᠣ ᠦᠭᠡᠢ ᠨᠢ ᠵᠦᠢ ᠪᠢᠯᠡ ︕
ᠶᠢᠷᠳᠢᠨᠴᠣ ᠶᠢᠨ ᠬᠦᠮᠦᠰ ᠡ ︕
ᠲᠡᠯᠡᠬᠡᠢ ᠶᠢᠷᠳᠢᠨᠴᠣ ᠳᠦ ᠬᠦᠮᠦᠨ ᠪᠣᠯᠵᠣ ᠲᠦᠷᠦᠭᠰᠡᠨ ᠦ ᠬᠣᠪᠢ ᠳᠤ
ᠲᠡᠪᠡᠯ ᠢᠶᠡᠨ ᠬᠠᠷᠠᠯᠠᠭᠣᠯᠬᠣ ᠠᠴᠠ ᠪᠢᠰᠢ ᠰᠡᠳᠭᠢᠯ ᠢᠶᠡᠨ ᠪᠣᠤ ᠬᠠᠷᠠᠯᠠᠭᠣᠯ
ᠬᠦᠮᠦᠨ ᠦ ᠠᠮᠢᠳᠣᠷᠠᠯ ᠤᠨ ᠰᠠᠢᠨ ᠰᠠᠢᠬᠠᠨ ᠤ ᠲᠦᠯᠦᠭᠡ
ᠬᠦᠯ ᠢᠶᠡᠨ ᠬᠣᠭᠣᠯᠬᠤ ᠠᠴᠠ ᠪᠢᠰᠢ ᠨᠡᠷ᠎ᠡ ᠪᠡᠨ ᠪᠢᠳᠡᠬᠡᠢ ᠬᠣᠭᠣᠯ ︕
5 0