ᠬᠦᠭᠵᠢᠨ ᠴᠡᠴᠡᠭᠯᠡᠭᠰᠡᠨ ᠴᠩᠭᠡᠯᠲᠦ ᠴᠠᠭᠠᠨ ᠰᠠᠷ᠎ᠠ
ᠪᠤᠤ ᠵᠢᠨᠵᠤᠸᠠᠨᠭᠽᠢ
ᠬᠦᠷᠦᠰᠦᠲᠦ ᠲᠡᠯᠡᠬᠡᠢ ᠬᠦᠬᠡᠷᠡᠨ ᠬᠦᠬᠡᠷᠡᠭᠰᠡᠭᠡᠷ
ᠬᠦᠭᠵᠢᠯ ᠮᠠᠨᠳᠤᠯ ᠢ ᠬᠤᠷᠤᠢᠯᠠᠨ ᠬᠣᠷᠤᠢᠯᠠᠭᠰᠠᠭᠠᠷ
ᠬᠦᠭᠵᠢᠨ ᠴᠡᠴᠡᠭᠯᠡᠭᠰᠡᠨ ᠴᠩᠭᠡᠯᠲᠦ ᠴᠠᠭᠠᠨ ᠰᠠᠷ᠎ᠠ
ᠬᠦᠷ ᠪᠠᠶᠠᠷ ᠲᠠᠢ ᠬᠦᠷᠦᠭᠡᠳ ᠢᠷᠡᠯ᠎ᠡ᠃
ᠴᠢᠬᠢ ᠲᠦᠯᠡᠢᠷᠡᠮᠡ ᠫᠣᠤᠵᠢᠩ ᠤᠨ ᠲᠠᠭᠣᠨ ᠳᠤ
ᠴᠢᠨᠡᠭᠡᠯᠢᠭ ᠨᠤᠲᠤᠭ ᠮᠢᠨᠢ ᠲᠤᠯᠭᠢᠰᠤᠭᠠᠠᠠᠳ ᠢᠷᠡᠯ᠎ᠡ
ᠴᠢᠩᠭᠢᠨᠡᠮᠡ ᠰᠠᠢᠬᠠᠨ ᠬᠣᠭᠣᠷ ᠤᠨ ᠲᠠᠭᠣᠨ ᠳᠤ
ᠴᠩᠭᠡᠯᠲᠦ ᠴᠠᠭᠠᠨ ᠰᠠᠷ᠎ᠠ ᠮᠢᠨᠢ ᠮᠤᠷᠢᠯᠠᠭᠠᠳ ᠢᠷᠡᠯ᠎ᠡ᠃
ᠡᠷᠡᠭᠦᠯ ᠰᠠᠷᠠᠭᠣᠯ ᠠᠭᠣᠷ ᠠᠮᠢᠰᠬᠣᠯ ᠨᠢ
ᠡᠨᠡ ᠲᠡᠯᠡᠬᠡᠢ ᠶᠢ ᠢᠯᠪᠢᠭᠡᠳ ᠢᠷᠡᠯ᠎ᠡ
ᠡᠷᠬᠡ ᠵᠢᠷᠭᠠᠯᠲᠤ ᠡᠳᠦᠷ ᠬᠣᠨᠣᠭ ᠨᠢ
ᠡᠬᠡ ᠨᠣᠲᠣᠭ ᠢ ᠮᠢᠨᠢ ᠪᠠᠶᠠᠰᠬᠠᠭᠠᠳ ᠢᠷᠡᠯ᠎ᠡ ᠃
ᠲᠠᠨᠠᠨ ᠴᠠᠭᠠᠨ ᠭᠡᠷ ᠦᠳ ᠡᠴᠡ
ᠲᠣᠩᠭᠠᠯᠠᠭ ᠭᠡᠷᠡᠯ ᠰᠠᠴᠣᠷᠠᠵᠣ ᠪᠠᠢᠨ᠎ᠠ
ᠲᠠᠯ᠎ᠠ ᠶᠢᠨ ᠲᠡᠷᠲᠡᠭᠡ ᠠᠢᠯ ᠤᠳ ᠠᠴᠠ
ᠲᠠᠭᠣᠣ ᠬᠦᠭᠵᠢᠮ ᠬᠠᠩᠭᠢᠨᠠᠵᠣ ᠪᠠᠢᠨ᠎ᠠ ᠃
ᠪᠣᠯᠪᠠᠰᠣᠨ ᠡᠷᠡᠨ ᠦ ᠪᠠᠭᠠᠴᠣᠳ ᠪᠠᠢᠨᠠᠮ
ᠪᠣᠮᠪᠣᠢᠵᠣ ᠵᠣᠭᠰᠣᠭᠠᠳ ᠶᠣᠰᠣᠯᠠᠬᠣ ᠨᠢ ᠬᠦᠭᠡᠷᠦᠬᠦᠨ
ᠨᠢᠭᠦᠯᠰᠦᠩᠭᠦᠢ ᠰᠡᠳᠭᠢᠯ ᠲᠠᠢ ᠪᠣᠭᠣᠷᠣᠯᠴᠣᠳ ᠪᠠᠢᠨᠠᠮ
ᠨᠢᠯᠪᠣᠰᠣᠷᠠᠵᠤ ᠰᠠᠭᠣᠭᠠᠳ ᠢᠷᠦᠭᠡᠬᠦ ᠨᠢ ᠬᠦᠭᠡᠷᠦᠬᠦᠢ ︕
ᠴᠠᠢᠯᠵᠠᠭᠰᠠᠨ ᠰᠢᠨᠡᠬᠡᠨ ᠭᠠᠷ ᠣᠲᠠᠰᠣᠨ ᠠᠴᠠ ᠨᠢ
ᠴᠠᠬᠢᠯᠭᠠᠨ ᠭᠡᠷᠡᠯ ᠰᠠᠴᠣᠷᠠᠵᠣ ᠯᠠ ᠪᠠᠢᠨ᠎ᠠ
ᠴᠠᠭᠠᠳᠣᠬᠢ ᠬᠣᠯᠠ ᠶᠢᠨ ᠰᠠᠲᠣᠨ ᠲᠦᠷᠦᠯ ᠠᠴᠠ ᠨᠢ
ᠴᠢᠮᠡᠭᠡ ᠮᠡᠨᠳᠦᠴᠢᠯᠡᠯ ᠢᠷᠡᠵᠦ ᠯᠠ ᠪᠠᠢᠨ᠎ᠠ ᠃
ᠮᠢᠩᠭᠠᠨ ᠮᠢᠩᠭᠠᠨ ᠭᠠᠵᠠᠷ ᠠᠯᠣᠰ ᠪᠠᠢᠭᠰᠠᠨ ᠴᠤ
ᠮᠠᠰᠢ ᠬᠣᠷᠳᠣᠨ ᠮᠡᠨᠳᠦᠴᠢᠯᠡᠵᠦ ᠪᠠᠶᠠᠰᠣᠯᠴᠠᠵᠠᠭᠠᠨᠠ
ᠲᠦᠮᠡᠨ ᠲᠦᠮᠡᠨ ᠭᠠᠵᠠᠷ ᠬᠣᠯᠠ ᠪᠠᠢᠭᠰᠠᠨ ᠴᠤ
ᠲᠣᠩ ᠴᠤ ᠲᠦᠷᠭᠡᠨ ᠨᠢᠭᠣᠷᠯᠠᠵᠣ ᠴᠡᠩᠭᠡᠯᠳᠦᠵᠡᠭᠡᠨᠡ
ᠮᠤᠷᠢᠨ ᠬᠤᠭᠤᠷ ᠤᠨ ᠡᠭᠡᠰᠢᠭ ᠣᠶᠠᠩᠭ᠎ᠠ
ᠮᠤᠨᠳᠠᠭ ᠲᠡᠯᠡᠬᠡᠢ ᠶᠢ ᠲᠣᠩᠰᠣᠯᠭᠠᠵᠣ ᠪᠠᠢᠨ᠎ᠠ
ᠮᠢᠷᠠᠯᠵᠠᠭᠰᠠᠨ ᠬᠡᠤᠬᠡᠨᠴᠤᠳ ᠦᠨ ᠳᠠᠭᠤᠣ ᠬᠦᠭᠵᠢᠮ
ᠮᠢᠩᠭᠠᠨ ᠭᠠᠵᠠᠷ ᠴᠤᠣᠷᠢᠶᠠᠲᠤᠵᠣ ᠪᠠᠢᠨ᠎ᠠ ᠃
ᠵᠠᠰᠠᠮᠠᠯ ᠰᠠᠢᠬᠠᠨ ᠵᠠᠮ ᠢᠶᠠᠷ ᠨᠢ
ᠵᠦᠢᠯ ᠦᠨ ᠲᠡᠷᠭᠡ ᠵᠦᠷᠢᠯᠳᠦᠵᠦ ᠪᠠᠢᠨ᠎ᠠ
ᠵᠢᠭᠠᠯ ᠪᠣᠭᠣᠷᠣᠯ ᠣᠯᠠᠨ ᠢᠶᠠᠷ ᠢᠶᠠᠨ
ᠵᠣᠴᠢᠨ ᠪᠣᠯᠤᠯᠴᠠᠨ ᠠᠢᠯᠴᠢᠯᠠᠵᠣ ᠪᠠᠢᠨ᠎ᠠ ᠃
ᠰᠠᠯᠬᠢᠨ ᠬᠦᠯᠦᠭ ᠬᠦᠯᠦᠭᠯᠡᠭᠰᠡᠨ ᠮᠡᠳᠦ
ᠰᠠᠯᠬᠢ ᠵᠢᠪᠠᠷ ᠲᠠᠲᠠᠭᠣᠯᠣᠨ ᠨᠢᠰᠴᠡᠭᠡᠵᠦ ᠪᠠᠢᠨ᠎ᠠ
ᠰᠠᠨᠴᠢᠭ ᠴᠠᠢᠭᠰᠠᠨ ᠡᠵᠢ ᠳᠦ ᠪᠠᠨ ᠣᠴᠢᠬᠣ ᠪᠠᠷ
ᠰᠡᠳᠭᠢᠯ ᠪᠠᠶᠠᠷᠲᠠᠢᠬᠠᠨ ᠠᠶᠠᠯᠠᠵᠠᠭᠠᠵᠣ ᠪᠠᠢᠨ᠎ᠠ ᠃
ᠬᠣᠷᠳᠣᠴᠠ ᠲᠡᠩᠬᠡᠭᠡ ᠪᠠᠨ ᠠᠳᠠᠯᠢᠳᠬᠠᠭᠠᠳ
ᠬᠣᠷᠳᠣᠯᠠᠨ ᠬᠣᠷᠳᠣᠯᠠᠨ ᠲᠠᠪᠬᠢᠵᠠᠭᠠᠵᠣ ᠪᠠᠢᠨ᠎ᠠ
ᠬᠦᠭᠰᠢᠷᠡᠭᠡ ᠡᠴᠢᠭᠡ ᠳᠦ ᠪᠠᠨ ᠵᠣᠯᠭᠠᠬᠣ ᠪᠠᠷ
ᠬᠦᠭᠰᠡᠨ ᠬᠦᠭᠰᠡᠨ ᠵᠠᠮᠨᠠᠵᠠᠭᠠᠵᠣ ᠪᠠᠢᠨ᠎ᠠ ᠃
ᠲᠦᠷᠬᠦᠮ ᠳᠦ ᠪᠠᠨ ᠠᠢᠯᠴᠢᠯᠠᠬᠣ ᠰᠢᠨ᠎ᠡ ᠪᠡᠷᠢ ᠨᠢ
ᠲᠡᠷᠭᠡ ᠪᠡᠨ ᠵᠢᠯᠣᠭᠣᠳᠣᠭᠠᠳ ᠪᠠᠶᠠᠰᠣᠯ ᠲᠠᠢ
ᠲᠡᠷᠭᠡᠳᠡ ᠨᠢ ᠰᠠᠭᠣᠭᠰᠠᠨ ᠰᠢᠨ᠎ᠡ ᠬᠦᠷᠭᠡᠨ ᠨᠢ
ᠰᠡᠳᠭᠢᠯ ᠢᠶᠡᠨ ᠲᠡᠯᠭᠡᠭᠡᠳ ᠵᠢᠷᠭᠠᠯ ᠲᠠᠢ ᠃
ᠲᠦᠷᠦᠭᠰᠡᠨ ᠨᠣᠲᠣᠭ ᠢᠶᠠᠷ ᠢᠶᠠᠨ ᠠᠢᠯᠴᠢᠯᠠᠵᠣ ᠪᠠᠢᠨ᠎ᠠ
ᠲᠦᠷᠦᠯ ᠰᠠᠳᠤᠨ ᠢᠶᠠᠷ ᠢᠶᠠᠨ ᠴᠣᠭᠯᠠᠷᠠᠵᠣ ᠪᠠᠢᠨ᠎ᠠ
ᠲᠣᠲᠣᠭᠠᠳᠦ ᠰᠡᠳᠭᠢᠯ ᠢᠶᠡᠨ ᠠᠭᠣᠳᠠᠯᠴᠠᠵᠣ ᠪᠠᠢᠨ᠎ᠠ
ᠲᠣᠲᠣᠨᠣ ᠬᠠᠢᠷ᠎ᠠ ᠪᠠᠨ ᠰᠣᠯᠢᠯᠴᠠᠵᠣ ᠪᠠᠢᠨ᠎ᠠ ︕
ᠬᠦᠷᠦᠰᠦᠲᠦ ᠲᠡᠯᠡᠬᠡᠢ ᠬᠦᠬᠡᠷᠡᠨ ᠬᠦᠬᠡᠷᠡᠭᠰᠡᠭᠡᠷ
ᠬᠦᠭᠵᠢᠯ ᠮᠠᠨᠳᠤᠯ ᠢ ᠬᠤᠷᠤᠢᠯᠠᠨ ᠬᠣᠷᠤᠢᠯᠠᠭᠰᠠᠭᠠᠷ
ᠬᠦᠭᠵᠢᠨ ᠴᠡᠴᠡᠭᠯᠡᠭᠰᠡᠨ ᠴᠩᠭᠡᠯᠲᠦ ᠴᠠᠭᠠᠨ ᠰᠠᠷ᠎ᠠ
ᠬᠦᠷ ᠪᠠᠶᠠᠷ ᠲᠠᠢ ᠬᠦᠷᠦᠭᠡᠳ ᠢᠷᠡᠯ᠎ᠡ᠃
ᠴᠢᠬᠢ ᠲᠦᠯᠡᠢᠷᠡᠮᠡ ᠫᠣᠤᠵᠢᠩ ᠤᠨ ᠲᠠᠭᠣᠨ ᠳᠤ
ᠴᠢᠨᠡᠭᠡᠯᠢᠭ ᠨᠤᠲᠤᠭ ᠮᠢᠨᠢ ᠲᠤᠯᠭᠢᠰᠤᠭᠠᠠᠠᠳ ᠢᠷᠡᠯ᠎ᠡ
ᠴᠢᠩᠭᠢᠨᠡᠮᠡ ᠰᠠᠢᠬᠠᠨ ᠬᠣᠭᠣᠷ ᠤᠨ ᠲᠠᠭᠣᠨ ᠳᠤ
ᠴᠩᠭᠡᠯᠲᠦ ᠴᠠᠭᠠᠨ ᠰᠠᠷ᠎ᠠ ᠮᠢᠨᠢ ᠮᠤᠷᠢᠯᠠᠭᠠᠳ ᠢᠷᠡᠯ᠎ᠡ᠃
6 0