ᠠᠪᠤ ᠪᠠᠨ ᠵᠣᠷᠢᠨ᠎ᠠ
ᠳᠠᠭᠤᠤ ᠶᠢᠨ ᠦᠭᠡ
1142
2023-11-29 20:46
发表于:内蒙古
ᠨᠠᠮᠤᠷ ᠤᠨ ᠰᠡᠷᠢᠭᠦᠨ ᠰᠠᠯᠬᠢᠨ ᠳᠤ ᠨᠠᠢᠭᠤᠬᠤ
ᠨᠠᠪᠴᠢ ᠨᠢ ᠰᠢᠷᠭᠠᠯ ᠮᠣᠳᠣᠳ ᠬᠠᠷᠠᠭᠳᠠᠬᠤ ᠳᠤ
ᠨᠠᠰᠤᠲᠠᠢ ᠪᠤᠭᠤᠷᠤᠯ ᠠᠪᠤ ᠶᠢᠨ ᠮᠢᠨᠢ
ᠨᠠᠮᠪᠠ ᠨᠢ ᠲᠣᠳᠣᠷᠠᠵᠤ ᠬᠠᠷᠠᠭᠳᠠᠬᠤ ᠶᠤᠮ
ᠠᠭᠤᠯᠠ ᠶᠢᠨ ᠪᠤᠭᠤ ᠨᠢ ᠤᠷᠤᠮᠳᠠᠬᠤ ᠴᠠᠭ ᠢᠶᠠᠷ
ᠤᠨᠠᠭᠠᠨ ᠨᠤᠲᠤᠭ ᠢᠶᠠᠨ ᠵᠣᠷᠢᠨ᠎ᠠ ᠪᠢ
ᠤᠰᠤᠨ ᠤ ᠳᠤᠯᠢᠶ᠎ᠠ ᠴᠠᠷᠴᠠᠬᠤ ᠴᠠᠭ ᠲᠤ
ᠤᠬᠠᠭᠠᠨᠲᠤ ᠠᠪᠤ ᠳᠠᠭᠠᠨ ᠣᠴᠢᠨ᠎ᠠ ᠪᠢ
ᠬᠠᠩᠭᠠᠢ ᠠᠭᠤᠯᠠᠰ ᠤᠨ ᠣᠷᠭᠢᠯ ᠢ ᠬᠠᠷᠠᠬᠤ ᠳᠤ
ᠬᠠᠢᠷᠠᠲᠠᠢ ᠠᠪᠤ ᠪᠠᠨ ᠰᠠᠨᠠᠭᠠᠯᠵᠠᠬᠤ ᠶᠤᠮ
ᠬᠠᠷᠠᠴᠠ ᠤᠰᠤᠨ ᠤ ᠲᠤᠩᠭᠠᠯᠠᠭ ᠢ ᠬᠠᠷᠠᠬᠤ ᠳᠤ
ᠬᠠᠨ ᠠᠪᠤ ᠶᠢᠨ ᠢᠶᠡᠨ ᠤᠬᠠᠭᠠᠨ ᠢ ᠪᠢᠰᠢᠷᠡᠬᠦ ᠶᠤᠮ
ᠳᠠᠭᠢᠯᠲᠠ
ᠰᠡᠳᠬᠢᠯ ᠬᠡᠬᠦᠯᠵᠡᠭᠰᠡᠨ ᠰᠡᠷᠢᠭᠦᠨ ᠨᠠᠮᠤᠷ
ᠴᠡᠷᠢᠭ ᠡᠴᠡ ᠬᠦᠦ ᠴᠢᠨᠢ ᠬᠠᠯᠠᠭᠳᠠᠭᠠᠳ ᠣᠴᠢᠨ᠎ᠠ
ᠰᠡᠳᠬᠢᠯ ᠴᠠᠢᠯᠭᠠᠨ ᠠᠪᠤ ᠮᠢᠨᠢ ᠲᠠ
ᠰᠡᠮᠬᠡᠨ ᠮᠡᠭᠰᠢᠭᠡᠳ ᠤᠭᠲᠤᠬᠤ ᠶᠤᠮ ᠲᠠ
ᠠᠭᠤᠯᠠ ᠶᠢᠨ ᠪᠤᠭᠤ ᠨᠢ ᠤᠷᠤᠮᠳᠠᠬᠤ ᠴᠠᠭ ᠲᠤ
ᠤᠨᠠᠭᠠᠨ ᠨᠤᠲᠤᠭ ᠢᠶᠠᠨ ᠵᠣᠷᠢᠨ᠎ᠠ ᠪᠢ
ᠤᠰᠤᠨ ᠤ ᠳᠤᠯᠢᠶ᠎ᠠ ᠴᠠᠷᠴᠠᠬᠤ ᠴᠠᠭ ᠲᠤ
ᠤᠬᠠᠭᠠᠨᠲᠤ ᠠᠪᠤ ᠳᠠᠭᠠᠨ ᠣᠴᠢᠨ᠎ᠠ ᠪᠢ
1
0