ᠡᠯᠢᠭᠡᠨ ᠬᠠᠢᠷᠠᠲᠠᠢ ᠡᠬᠡ ᠣᠯᠤᠰ ᠮᠢᠨᠢ
ᠪᠣᠤ ᠵᠢᠨᠵᠣᠸᠠᠨᠭᠽᠢ
ᠬᠠᠨᠠᠭᠠᠷ ᠠᠭᠣᠳᠠᠮ ᠡᠬᠡ ᠣᠯᠤᠰ ᠮᠢᠨᠢ
ᠬᠠᠢᠷ᠎ᠠ ᠶᠢ ᠲᠠᠲᠠᠭᠰᠠᠨ ᠭᠡᠷ ᠶᠤᠮ ᠡ ᠬᠦᠢ
ᠬᠠᠯᠠᠭᠣᠨ ᠵᠢᠷᠦᠬᠡᠨ ᠦ ᠪᠠᠶᠠᠷ ᠤᠨ ᠲᠠᠭᠣᠣ ᠪᠠᠨ
ᠬᠠᠢᠷᠠᠲᠣ ᠴᠢᠮ᠎ᠠ ᠳᠤ ᠪᠠᠨ ᠡᠷᠭᠦᠨ ᠪᠠᠷᠢᠶ᠎ᠠ
ᠠ ᠬᠠ ᠬᠦᠢ ᠡᠬᠡ ᠣᠯᠤᠰ ᠮᠢᠨᠢ
ᠡᠯᠢᠭᠡᠨ ᠬᠠᠢᠷᠠᠲᠠᠢ ᠡᠬᠡ ᠣᠯᠤᠰ ᠮᠢᠨᠢ ︕
ᠦᠨᠢᠷ ᠪᠠᠶᠠᠯᠢᠭ ᠡᠬᠡ ᠣᠯᠤᠰ ᠮᠢᠨᠢ
ᠦᠷᠦᠴᠡ ᠶᠢ ᠪᠠᠶᠠᠰᠬᠠᠭᠰᠠᠨ ᠦᠯᠦᠭᠡᠢ ᠶᠤᠮ ᠡ ᠬᠦᠢ
ᠣᠯᠠᠭᠠᠨ ᠵᠢᠷᠦᠬᠡᠨ ᠦ ᠪᠠᠶᠠᠷ ᠤᠨ ᠲᠠᠭᠣᠣ ᠪᠠᠨ
ᠦᠷᠯᠦᠭ ᠴᠢᠮ᠎ᠠ ᠳᠤ ᠪᠠᠨ ᠡᠷᠭᠦᠨ ᠪᠠᠷᠢᠶ᠎ᠠ
ᠠ ᠬᠠ ᠬᠦᠢ ᠡᠬᠡ ᠣᠯᠤᠰ ᠮᠢᠨᠢ
ᠡᠯᠢᠭᠡᠨ ᠬᠠᠢᠷᠠᠲᠠᠢ ᠡᠬᠡ ᠣᠯᠤᠰ ᠮᠢᠨᠢ ︕
ᠬᠣᠪᠢᠷᠠᠯᠳᠠ ᠬᠦᠭᠵᠢᠯᠲᠡ ᠲᠡᠶ ᠡᠬᠡ ᠣᠯᠤᠰ ᠮᠢᠨᠢ
ᠬᠣᠲᠠᠯᠠ ᠣᠯᠠᠨ ᠤ ᠵᠢᠳᠭᠦᠯ ᠦᠨ ᠲᠠᠪᠴᠠᠩ ᠶᠤᠮ ᠡ ᠬᠦᠢ
ᠬᠣᠪᠢᠨ ᠤ ᠦᠪᠡᠷ ᠦᠨ ᠠᠯᠢᠪᠠ ᠪᠦᠬᠦᠨ ᠢᠶᠡᠨ
ᠬᠣᠢᠰᠢ ᠦᠭᠡᠢ ᠴᠢᠮ᠎ᠠ ᠳᠤ ᠪᠠᠨ ᠡᠷᠭᠦᠨ ᠪᠠᠷᠢᠶ᠎ᠠ
ᠠ ᠬᠠ ᠬᠦᠢ ᠡᠬᠡ ᠣᠯᠤᠰ ᠮᠢᠨᠢ
ᠡᠯᠢᠭᠡᠨ ᠬᠠᠢᠷᠠᠲᠠᠢ ᠡᠬᠡ ᠣᠯᠤᠰ ᠮᠢᠨᠢ ︕
ᠴᠢᠯᠦᠭᠡ ᠲᠡᠶ ᠶᠠᠪᠣᠯᠴᠠᠭᠰᠠᠨ ᠡᠬᠡ ᠣᠯᠤᠰ ᠮᠢᠨᠢ
ᠴᠢ ᠪᠢᠳᠡᠨ ᠦ ᠢᠷᠡᠭᠡᠳᠦᠢ ᠶᠤᠮ ᠡ ᠬᠦᠢ
ᠴᠢᠨᠡᠭᠡᠯᠢᠭᠵᠢᠯ ᠪᠠᠶᠠᠵᠢᠯ ᠤᠨ ᠵᠣᠷ ᠢᠶᠠᠨ
ᠴᠡᠭᠡᠵᠢ ᠵᠢᠷᠦᠬᠡᠨ ᠳᠦ ᠪᠡᠨ ᠪᠢᠰᠢᠯᠭᠠᠶᠠ
ᠠ ᠬᠠ ᠬᠦᠢ ᠡᠬᠡ ᠣᠯᠤᠰ ᠮᠢᠨᠢ
ᠡᠯᠢᠭᠡᠨ ᠬᠠᠢᠷᠠᠲᠠᠢ ᠡᠬᠡ ᠣᠯᠤᠰ ᠮᠢᠨᠢ ︕
ᠡᠶ᠎ᠡ ᠨᠠᠢᠷᠠᠮᠳᠠᠭᠣ ᠡᠬᠡ ᠣᠯᠤᠰ ᠮᠢᠨᠢ
ᠡᠷᠡᠨ ᠵᠠᠭᠣᠨ ᠤ ᠲᠠᠪᠰᠢᠯᠲᠠ ᠶᠤᠮ ᠡ ᠬᠦᠢ
ᠡᠷᠡᠯᠬᠡᠭ ᠲᠠᠢᠴᠢᠨ ᠪᠠᠭᠠᠳᠣᠷᠴᠣᠳ ᠤᠨ ᠢᠶᠠᠨ
ᠡᠷᠴᠢ ᠵᠣᠷᠢᠭ ᠲᠤ ᠨᠢ ᠪᠠᠶᠠᠰᠣᠨ ᠣᠮᠤᠭᠰᠢᠶᠠ
ᠠ ᠬᠠ ᠬᠦᠢ ᠡᠬᠡ ᠣᠯᠤᠰ ᠮᠢᠨᠢ
ᠡᠯᠢᠭᠡᠨ ᠬᠠᠢᠷᠠᠲᠠᠢ ᠡᠬᠡ ᠣᠯᠤᠰ ᠮᠢᠨᠢ ︕
ᠦᠭᠡᠷᠡᠴᠢᠯᠡᠯᠲᠡ ᠨᠡᠭᠡᠭᠡᠯᠲᠡ ᠲᠡᠶ ᠡᠬᠡ ᠣᠯᠤᠰ ᠮᠢᠨᠢ
ᠦᠭᠡᠳᠡᠯᠡᠯ ᠮᠠᠨᠳᠣᠯ ᠤᠨ ᠬᠦᠭᠵᠢᠯᠲᠡ ᠶᠤᠮ ᠡ ᠬᠦᠢ
ᠦᠷᠯᠦᠭ ᠨᠠᠮ ᠤᠨ ᠣᠳᠣᠷᠢᠳᠤᠯᠭ᠎ᠠ ᠪᠠᠨ
ᠦᠨᠢ ᠡᠭᠦᠷᠢᠳᠡ ᠵᠢᠷᠣᠮᠯᠠᠨ ᠲᠠᠭᠠᠶ᠎ᠠ
ᠠ ᠬᠠ ᠬᠦᠢ ᠡᠬᠡ ᠣᠯᠤᠰ ᠮᠢᠨᠢ
ᠡᠯᠢᠭᠡᠨ ᠬᠠᠢᠷᠠᠲᠠᠢ ᠡᠬᠡ ᠣᠯᠤᠰ ᠮᠢᠨᠢ ︕
ᠨᠠᠮ ᠤᠨ ᠣᠳᠣᠷᠢᠳᠤᠯᠭ᠎ᠠ ᠲᠠᠶ ᠡᠬᠡ ᠣᠯᠤᠰ ᠮᠢᠨᠢ
ᠨᠠᠷᠮᠠᠢ ᠲᠦᠮᠡᠨ ᠦ ᠲᠣᠯᠠᠭᠠᠨ ᠪᠦᠯᠢ ᠶᠣᠮ ᠡ ᠬᠦᠢ
ᠨᠠᠨᠳᠢᠨ ᠦᠢᠯᠡᠰ ᠦᠨ ᠲᠠᠭᠣᠷᠢᠶᠠᠯ ᠢᠶᠠᠨ
ᠨᠠᠰᠤᠨ ᠲᠣᠷᠰᠢᠲᠠ ᠡᠷᠬᠢᠮᠯᠡᠨ ᠬᠦᠭᠵᠢᠭᠦᠯᠦᠶ᠎ᠡ
ᠠ ᠬᠠ ᠬᠦᠢ ᠡᠬᠡ ᠣᠯᠤᠰ ᠮᠢᠨᠢ
ᠡᠯᠢᠭᠡᠨ ᠬᠠᠢᠷᠠᠲᠠᠢ ᠡᠬᠡ ᠣᠯᠤᠰ ᠮᠢᠨᠢ ︕
ᠬᠠᠨᠠᠭᠠᠷ ᠠᠭᠣᠳᠠᠮ ᠡᠬᠡ ᠣᠯᠤᠰ ᠮᠢᠨᠢ
ᠬᠠᠢᠷ᠎ᠠ ᠶᠢ ᠲᠠᠲᠠᠭᠰᠠᠨ ᠭᠡᠷ ᠶᠤᠮ ᠡ ᠬᠦᠢ
ᠬᠠᠯᠠᠭᠣᠨ ᠵᠢᠷᠦᠬᠡᠨ ᠦ ᠪᠠᠶᠠᠷ ᠤᠨ ᠲᠠᠭᠣᠣ ᠪᠠᠨ
ᠬᠠᠢᠷᠠᠲᠣ ᠴᠢᠮ᠎ᠠ ᠳᠤ ᠪᠠᠨ ᠡᠷᠭᠦᠨ ᠪᠠᠷᠢᠶ᠎ᠠ
ᠠ ᠬᠠ ᠬᠦᠢ ᠡᠬᠡ ᠣᠯᠤᠰ ᠮᠢᠨᠢ
ᠡᠯᠢᠭᠡᠨ ᠬᠠᠢᠷᠠᠲᠠᠢ ᠡᠬᠡ ᠣᠯᠤᠰ ᠮᠢᠨᠢ ︕
ᠦᠨᠢᠷ ᠪᠠᠶᠠᠯᠢᠭ ᠡᠬᠡ ᠣᠯᠤᠰ ᠮᠢᠨᠢ
ᠦᠷᠦᠴᠡ ᠶᠢ ᠪᠠᠶᠠᠰᠬᠠᠭᠰᠠᠨ ᠦᠯᠦᠭᠡᠢ ᠶᠤᠮ ᠡ ᠬᠦᠢ
ᠣᠯᠠᠭᠠᠨ ᠵᠢᠷᠦᠬᠡᠨ ᠦ ᠪᠠᠶᠠᠷ ᠤᠨ ᠲᠠᠭᠣᠣ ᠪᠠᠨ
ᠦᠷᠯᠦᠭ ᠴᠢᠮ᠎ᠠ ᠳᠤ ᠪᠠᠨ ᠡᠷᠭᠦᠨ ᠪᠠᠷᠢᠶ᠎ᠠ
ᠠ ᠬᠠ ᠬᠦᠢ ᠡᠬᠡ ᠣᠯᠤᠰ ᠮᠢᠨᠢ
ᠡᠯᠢᠭᠡᠨ ᠬᠠᠢᠷᠠᠲᠠᠢ ᠡᠬᠡ ᠣᠯᠤᠰ ᠮᠢᠨᠢ ︕
8 0