ᠲᠤᠮᠤᠭ ᠦᠯᠢᠭᠡᠷ
ᠡᠪᠳᠠᠢ ᠲᠦᠷᠪᠡᠨ ᠠᠮᠢᠳᠡᠨ
ᠠᠬ᠎ᠠ ᠨᠢ ᠬᠡᠯᠡᠵᠦ᠍ ᠲᠡᠭᠦᠦ ᠨᠢ ᠰᠣᠨᠣᠰᠤᠨ᠎ᠠ᠂ ᠠᠮᠠ ᠨᠢ ᠢᠳᠡᠵᠦ᠍ ᠰᠡᠬᠦᠯ ᠨᠢ ᠲᠠᠷᠭᠤᠯᠠᠨ᠎ᠠ᠃
︱ ᠳᠥᠷᠪᠡᠳ ᠠᠷᠠᠳ ᠤᠨ ᠵᠦᠢᠷ ᠰᠡᠴᠡᠨ ᠦᠭᠡ
3064
2022-11-07 18:37
发表于:内蒙古赤峰市
ᠡᠪᠳᠠᠢ ᠲᠦᠷᠪᠡᠨ ᠠᠮᠢᠳᠡᠨ
ᠡᠷᠲᠡ ᠤᠷᠢᠳᠤ ᠴᠠᠭ ᠲᠦ᠍ ᠡᠨᠡᠳᠭᠡᠭ ᠤᠨ ᠣᠷᠣᠨ ᠤ ᠰᠠᠢᠬᠠᠨ ᠣᠢ ᠮᠣᠳᠣᠨ ᠳ᠋ᠦ᠍ ᠲᠠᠭᠳᠠᠭ᠎ᠠ ᠱᠢᠪᠠᠭᠤ᠂ ᠲᠠᠤᠯᠠᠢ᠂ ᠰᠠᠷᠮᠠᠭᠴᠢᠨ᠂ ᠵᠠᠭᠠᠨ ᠳᠥᠷᠪᠡ ᠣᠯᠠᠨ ᠵᠢᠯ ᠬᠠᠮᠲᠤ ᠠᠮᠢᠳᠣᠷᠠᠵᠣ ᠪᠠᠢᠵᠠᠢ᠃ ᠪᠢᠳᠡ ᠲᠦᠷᠡᠪᠡ ᠡᠪᠳᠠᠢ ᠰᠠᠢ᠌ᠬᠠᠨ ᠰᠠᠭᠤᠬᠤ ᠡᠴᠡ ᠭᠠᠳᠠᠨ᠎ᠠ᠂ ᠪᠢᠳᠡᠨ ᠤ ᠬᠡᠨ ᠨᠢᠭᠡ ᠨᠢ ᠠᠬ᠎ᠠ ᠪᠣᠯᠪᠠᠯ ᠲᠡᠭᠦᠦ ᠨᠠᠷ ᠨᠢ ᠠᠬ᠎ᠠ ᠶᠢ ᠭᠦᠨᠳᠦᠯᠡᠨ ᠲᠠᠭᠠᠯᠠᠯ ᠢᠶᠡᠷ ᠨᠢ ᠶᠠᠪᠤᠶ᠎ᠠ ᠭᠡᠵᠦ᠍ ᠬᠡᠯᠡᠯᠴᠡᠬᠡᠳ ᠬᠡᠨ ᠨᠢ ᠠᠬ᠎ᠠ ᠪᠣᠯᠬᠤ ᠶᠢ ᠪᠡᠶ᠎ᠡ ᠡᠴᠡ ᠠᠰᠠᠭᠣᠵᠣ ᠭᠡᠨ᠎ᠡ᠃
ᠲᠡᠨᠳᠡ ᠨᠢᠭᠡ ᠲᠣᠮᠣ ᠮᠣᠳᠣ ᠣᠷᠭᠣᠵᠤ ᠪᠠᠢ᠌ᠵᠠᠢ᠃ ᠵᠠᠭᠠᠨ ᠲᠡᠷᠡ ᠮᠣᠳᠣ ᠶᠢ ᠵᠢᠭᠠᠵᠤ᠄︽ ᠨᠠᠮ᠎ᠠ ᠶᠢ ᠲᠣᠭᠣᠯ ᠪᠠᠢᠬᠤ ᠳ᠋ᠦ᠍ ᠡᠨᠡ ᠮᠣᠳᠣ ᠨᠠᠳᠠ ᠲᠠᠢ ᠴᠢᠴᠠᠣᠬᠠᠨ ᠪᠠᠢᠭᠰᠠᠨ᠃ ᠪᠢ ᠱᠦᠷᠭᠦᠬᠡᠳᠡᠭ ᠪᠠᠢᠪᠠ︾ ᠭᠡᠵᠡᠢ᠃ ᠡᠭᠦᠨ ᠳ᠋ᠦ᠍ ᠹᠡᠴᠢᠨ ᠬᠡᠯᠡᠪᠡ᠄
︽ ᠨᠠᠮ᠎ᠠ ᠶᠢ ᠵᠢᠭᠠᠬᠠᠨ ᠪᠠᠢᠬᠤ ᠳ᠋ᠦ᠍ ᠡᠨᠡ ᠮᠣᠳᠣ ᠮᠢᠨᠢ ᠲᠣᠭᠯᠠᠵᠤ ᠳᠡᠭᠦᠯᠢᠬᠦ᠌ ᠮᠥᠴᠢᠷ ᠦᠭᠡᠢ᠂ ᠨᠠᠳᠠ ᠲᠠᠢ ᠠᠳᠠᠯᠢᠬᠠᠨ ᠪᠠᠢᠭᠰᠠᠨ ᠲᠤᠯᠠ ᠰᠡᠭᠦᠯᠡᠷ ᠨᠢ ᠨᠠᠮ᠎ᠠ ᠶᠢ ᠠᠷᠠᠢ ᠴᠢᠮᠠᠢ ᠬᠠᠯᠬᠠᠯᠠᠭᠳᠠᠭ ᠪᠠᠢᠭᠰᠠᠨ︾ ᠭᠡᠪᠡ᠃ ᠲᠠᠤᠯᠠᠢ ᠬᠡᠯᠡᠪᠡ᠄
︽ ᠨᠠᠮ᠎ᠠ ᠶᠢ ᠪᠠᠭ᠎ᠠ ᠪᠠᠢᠬᠤ ᠳ᠋ᠦ᠍ ᠡᠨᠡ ᠮᠣᠳᠣ ᠰᠠᠶᠢ ᠥᠨᠳᠥᠰᠥᠯᠡᠵᠣ ᠪᠠᠢᠭᠰᠠᠨ ᠲᠤᠯᠠ ᠪᠢ ᠦᠨᠳᠦᠰᠦᠨ ᠡᠴᠡ ᠨᠢ ᠮᠠᠯᠲᠠᠵᠣ ᠢᠳᠡᠳᠡᠭ ᠪᠠᠢᠪᠠ︾ ᠭᠡᠪᠡ᠃ ᠲᠠᠭᠳᠠᠭ᠎ᠠ ᠬᠡᠯᠡᠪᠡ᠄
︽ ᠪᠢ ᠡᠨᠡ ᠮᠣᠳᠣᠨ ᠤ ᠴᠢᠨᠢ ᠦᠷ᠎ᠡ ᠶᠢ ᠵᠠᠭᠣᠵᠣ ᠢᠷᠡᠬᠡᠳ ᠡᠨᠳᠡ ᠣᠨᠠᠭᠠᠴᠢᠬᠠᠭᠰᠠᠨ ᠶᠤᠮ᠃ ᠲᠡᠭᠡᠭᠡᠳ ᠡᠨᠡ ᠮᠣᠳᠣ ᠣᠷᠭᠣᠭᠰᠠᠨ ᠪᠢᠯᠡ︾ ᠭᠡᠪᠡ᠃
ᠡᠢ᠌ᠮᠦ᠍ ᠪᠣᠯᠬᠣᠷ ᠬᠠᠮᠤᠭ ᠤᠨ ᠠᠬ᠎ᠠ ᠨᠢ ᠲᠠᠭᠳᠠᠭ᠎ᠠ᠂ ᠲᠡᠭᠦᠦ ᠨᠢ ᠲᠡᠦᠯᠡᠢ᠂ ᠲᠡᠦᠯᠡᠢ ᠶᠢᠨ ᠲᠡᠭᠦᠦ ᠰᠠᠷᠮᠠᠭᠴᠢᠨ᠂ ᠣᠳᠭᠤᠨ ᠲᠡᠭᠦᠦ ᠨᠢ ᠵᠠᠭᠠᠨ ᠪᠣᠯᠵᠤ ᠲᠠᠭᠠᠷᠠᠵᠠᠢ᠃ ᠲᠡᠭᠦᠦ ᠨᠢ ᠠᠬ᠎ᠠ ᠶᠢ ᠪᠡᠨ ᠬᠦᠨᠳᠦᠯᠡᠬᠦ᠌ ᠪᠡᠷ ᠬᠡᠯᠡᠯᠴᠡᠭᠰᠡᠨ ᠲᠤᠯᠠᠳᠠ ᠵᠠᠭᠠᠨ ᠰᠠᠷᠮᠠᠭᠴᠴᠢᠨ ᠢ ᠭᠦᠨᠳᠦᠯᠡᠵᠦ᠍ ᠨᠢᠷᠣᠭᠣᠨ ᠳᠡᠭᠡᠷ᠎ᠡ ᠪᠡᠨ ᠭᠠᠷᠭᠠᠪᠠ᠃ ᠰᠠᠷᠮᠠᠭᠴᠢᠨ ᠨᠢ ᠲᠡᠦᠯᠡᠢ ᠶᠢ ᠠᠬ᠎ᠠ ᠪᠡᠨ ᠭᠡᠵᠦ᠍ ᠮᠦᠷᠦᠨ ᠳᠡᠭᠡᠷ᠎ᠡ ᠪᠡᠨ ᠰᠠᠭᠤᠯᠭᠠᠪᠠ᠃ ᠲᠡᠦᠯᠡᠢ ᠨᠢ ᠲᠠᠭᠳᠠᠭ᠎ᠠ ᠶᠢ ᠠᠬ᠎ᠠ ᠭᠡᠵᠦ᠍ ᠳᠡᠭᠡᠷ᠎ᠡ ᠪᠡᠨ ᠭᠠᠷᠭᠠᠪᠠᠯ ᠲᠡᠷᠡ ᠨᠢ ᠥᠨᠥᠬᠢ ᠲᠣᠮᠣ ᠮᠣᠳᠣᠨ ᠤ ᠦᠷ᠎ᠡ ᠵᠢᠮᠢᠰᠦᠨ ᠳ᠋ᠦ᠍ ᠬᠦᠷᠴᠦ᠍ ᠠᠪᠴᠤ᠌ ᠳᠡᠭᠦᠦ ᠨᠠᠷ ᠲᠦ᠍ ᠪᠡᠨ ᠲᠦᠭᠡᠭᠡᠨ ᠥᠭᠴᠦ᠍ ᠢᠪᠡᠭᠡᠳᠡᠭ ᠪᠣᠯᠵᠠᠢ᠃
ᠲᠡᠢᠨ ᠬᠦ᠌ ᠡᠨᠡ ᠲᠦᠷᠪᠡᠨ ᠠᠮᠢᠳᠡᠨ ᠬᠦᠨᠳᠦᠯᠡᠬᠦ᠌ ᠪᠠ ᠲᠡᠳᠬᠦᠬᠦ᠌ ᠶᠣᠰᠣ ᠲᠡᠭᠦᠰ ᠪᠣᠯᠵᠤ ᠡᠪᠲᠡᠢ ᠨᠠᠢ᠌ᠷᠳᠠᠢ ᠪᠠᠢ᠌ᠭᠰᠠᠨ ᠢᠶᠡᠷ ᠵᠢᠷᠭᠠᠯ ᠲᠠᠢ ᠪᠣᠯᠪᠠ᠃
19
0