www.duurn.cn
ᠲᠦᠮᠡᠲᠦ ᠰᠢᠨ᠎ᠡ
ᠦᠦᠰᠢᠨ ᠭᠠᠯᠠᠭᠤᠲᠤ
2017-07-25 10:54
19:31
1987023
1455
ᠵᠦᠭᠡᠷ ᠯᠠ ᠮᠢᠬ᠎ᠠ ᠪᠠᠨ ᠢᠳᠡᠵᠦ ᠪᠠᠢ
ᠵᠦᠭᠡᠷ ᠯᠠ ᠮᠢᠬ᠎ᠠ ᠪᠠᠨ ᠢᠳᠡᠵᠦ ᠪᠠᠢ ᠮᠢᠬ᠎ᠠ ᠢᠳᠡᠳᠡᠭ ᠮᠣᠩᠭᠣᠯᠴᠤᠳ ᠪᠢᠳᠡᠨ ᠳᠦ ᠬᠡᠷᠡᠭ ᠲᠡᠢ ᠮᠡᠳᠡᠭᠡᠯᠡᠯ
2246
2021-11-19 15:49
发表于:内蒙古
1. ᠮᠢᠬ᠎ᠠ ᠰᠢᠩᠭᠡᠴᠡ ᠮᠠᠭᠤ ᠲᠠᠢ᠃ ᠵᠠᠷᠢᠮ ᠬᠦᠮᠦᠨ ᠮᠢᠬ᠎ᠠ ᠰᠢᠩᠭᠡᠯ ᠦᠭᠡᠢ ᠪᠦᠳᠦᠭᠦᠨ ᠭᠡᠳᠡᠰᠦᠨ ᠳᠦ ᠦᠯᠡᠳᠡᠵᠦ ᠡᠪᠡᠳᠴᠢᠨ ᠦ ᠰᠠᠭᠤᠷᠢ ᠪᠣᠯᠳᠠᠭ ᠭᠡᠳᠡᠭ᠃ ᠡᠨᠡ ᠪᠣᠯ ᠣᠭᠲᠣ ᠬᠤᠳᠠᠯ᠃ ᠴᠠᠭᠠᠨ ᠬᠣᠭᠣᠯᠠᠲᠠᠨ ᠨᠤᠭᠤᠳ ᠬᠦᠮᠦᠰ ᠢ ᠠᠶᠤᠯᠭᠠᠬᠤ ᠭᠡᠵᠦ ᠡᠶᠢᠮᠦ ᠳᠣᠮᠣᠭ ᠵᠣᠬᠢᠶᠠᠭᠰᠠᠨ᠃ ᠮᠢᠬ᠎ᠠ ᠢᠳᠡᠬᠦ ᠳᠦ ᠬᠣᠳᠣᠭᠣᠳᠣᠨ ᠳᠤ ᠪᠦᠷᠢᠨ ᠵᠠᠳᠠᠷᠠᠵᠤ ᠶᠠᠭᠤ ᠴᠤ ᠦᠯᠡᠳᠡᠳᠡᠭ ᠦᠭᠡᠢ᠃ ᠬᠠᠷᠢᠨ ᠵᠢᠮᠢᠰ᠂ ᠨᠣᠭᠣᠭ᠎ᠠ ᠢᠳᠡᠬᠦ ᠳᠦ ᠬᠣᠳᠣᠭᠣᠳᠣᠨ ᠤ ᠬᠦᠴᠢᠯ ᠵᠠᠳᠠᠯᠵᠤ ᠴᠢᠳᠠᠳᠠᠭ ᠦᠭᠡᠢ ᠵᠠᠷᠢᠮ ᠬᠡᠰᠡᠭ ᠦᠯᠡᠳᠡᠳᠡᠭ ᠪᠠᠶᠢᠨ᠎ᠠ᠃ ᠡᠨᠡ ᠨᠢ ᠭᠡᠬᠦ ᠳᠦ ᠪᠡᠨ ᠮᠠᠭᠤ ᠵᠦᠢᠯ ᠪᠢᠰᠢ᠂ ᠬᠣᠳᠣᠭᠣᠳᠣᠨ ᠳᠤ ᠪᠠᠶᠢᠳᠠᠭ ᠠᠰᠢᠭᠲᠠᠢ ᠪᠠᠺᠲ᠋ᠧᠷᠢ ᠨᠤᠭᠤᠳ ᠤᠨ ᠬᠦᠨᠡᠰᠦ ᠪᠣᠯᠤᠭᠠᠳ ᠳᠠᠭᠤᠰᠳᠠᠭ ᠭᠡᠨ᠎ᠡ᠃ 2. ᠮᠢᠬ᠎ᠠ ᠬᠠᠨᠤᠭᠰᠠᠨ ᠥᠭᠡᠬᠦ ᠲᠣᠰᠣ ᠪᠣᠯᠤᠨ ᠾᠣᠯᠧᠰᠲ᠋ᠧᠷᠢᠨ ᠶᠡᠬᠡ ᠪᠡᠷ ᠠᠭᠤᠯᠳᠠᠭ᠃ ᠰᠡᠭᠦᠯ ᠦᠨ ᠦᠶ᠎ᠡ ᠶᠢᠨ ᠰᠤᠳᠤᠯᠭ᠎ᠠ ᠪᠠᠷ ᠡᠨᠡ ᠬᠣᠶᠠᠷ ᠪᠣᠳᠠᠰ ᠬᠦᠮᠦᠨ ᠦ ᠪᠡᠶ᠎ᠡ ᠳᠦ ᠬᠣᠣᠷ ᠦᠭᠡᠢ ᠪᠣᠯᠬᠤ ᠨᠢ ᠪᠠᠲᠤᠯᠠᠭᠳᠠᠵᠠᠢ᠃ ᠵᠢᠱᠢᠶ᠎ᠡ ᠨᠢ ᠡᠯᠢᠭᠡ ᠤᠭ ᠠᠴᠠ ᠪᠠᠨ ᠾᠣᠯᠧᠰᠲ᠋ᠧᠷᠢᠨ ᠢ ᠦᠢᠯᠡᠳᠪᠦᠷᠢᠯᠡᠵᠦ ᠪᠠᠶᠢᠳᠠᠭ᠃ ᠬᠦᠮᠦᠨ ᠭᠠᠳᠠᠨ᠎ᠠ ᠠᠴᠠ ᠬᠣᠭᠣᠯᠠ ᠬᠦᠨᠡᠰᠦ ᠪᠡᠷ ᠲᠡᠭᠦᠨ ᠢ ᠠᠪᠤᠪᠠᠯ ᠥᠪᠡᠷ ᠢᠶᠡᠨ ᠵᠣᠬᠢᠴᠠᠭᠤᠯᠤᠭᠠᠳ ᠦᠢᠯᠡᠳᠪᠦᠷᠢᠯᠡᠯ ᠢᠶᠡᠨ ᠪᠠᠭᠤᠷᠠᠭᠤᠯᠳᠠᠭ ᠠᠵᠢ᠃ ᠡᠶᠢᠮᠦ ᠡᠴᠡ ᠨᠡᠶᠢᠲᠡ ᠬᠡᠮᠵᠢᠶ᠎ᠡ ᠨᠢ ᠣᠭᠲᠣ ᠨᠡᠮᠡᠭᠳᠡᠳᠡᠭ ᠦᠭᠡᠢ ᠭᠡᠨ᠎ᠡ᠃ ᠨᠢᠭᠡ ᠦᠭᠡ ᠪᠡᠷ ᠮᠢᠬ᠎ᠠ ᠢᠳᠡᠭᠰᠡᠨ ᠢᠶᠡᠷ ᠴᠢᠰᠤᠨ ᠳᠠᠬᠢ ᠾᠣᠯᠧᠰᠲ᠋ᠧᠷᠢᠨ ᠨᠡᠮᠡᠭᠳᠡᠳᠡᠭ ᠦᠭᠡᠢ᠂ ᠵᠢᠷᠦᠬᠡ ᠰᠤᠳᠠᠰᠤᠨ ᠳᠤ ᠮᠠᠭᠤ ᠪᠠᠷ ᠨᠥᠯᠦᠭᠡᠯᠡᠳᠡᠭ ᠦᠭᠡᠢ ᠭᠡᠨ᠎ᠡ᠃ ᠨᠢᠭᠡᠨ ᠲᠤᠷᠰᠢᠯᠲᠠ ᠪᠠᠷ ᠬᠦᠮᠦᠨ ᠦ ᠬᠠᠨᠤᠭᠰᠠᠨ ᠥᠭᠡᠬᠦ ᠲᠣᠰᠤᠨ ᠤ ᠬᠡᠷᠡᠭᠯᠡᠭᠡ ᠶᠢ ᠨᠢ ᠪᠠᠭᠠᠰᠬᠠᠵᠤ ᠣᠷᠣᠨ ᠳᠤ ᠨᠢ ︽ᠤᠷᠭᠤᠮᠠᠯ ᠤᠨ ᠭᠠᠷᠤᠯᠲᠠᠢ ᠡᠷᠡᠭᠦᠯ ︾ ᠲᠣᠰᠤ ᠬᠡᠷᠡᠭᠯᠡᠭᠦᠯᠬᠦ ᠳᠦ ᠡᠷᠡᠭᠦᠯ ᠮᠡᠨᠳᠦ ᠶᠢ ᠨᠢ ᠢᠯᠡᠭᠦᠦ ᠮᠠᠭᠤᠳᠬᠠᠵᠤ ᠪᠠᠶᠢᠭᠰᠠᠨ ᠨᠢ ᠢᠯᠡᠷᠡᠵᠡᠢ᠃ 3. ᠮᠢᠬ᠎ᠠ ᠵᠢᠷᠦᠬᠡᠨ ᠦ ᠡᠪᠡᠳᠴᠢᠯᠡᠯ᠂ 2 ᠳ᠋ᠤᠭᠠᠷ ᠲᠥᠷᠥᠯ ᠦᠨ ᠰᠢᠬᠢᠷ ᠦᠨ ᠰᠢᠵᠢᠩ ᠡᠭᠦᠰᠬᠡᠳᠡᠭ᠃ ᠡᠨᠡ ᠨᠢ ᠬᠤᠳᠠᠯ ᠪᠣᠯᠬᠤ ᠨᠢ ᠪᠠᠲᠤᠯᠠᠭᠳᠠᠭᠰᠠᠨ᠃ ᠵᠢᠷᠦᠬᠡᠨ ᠦ ᠡᠪᠡᠳᠴᠢᠨ 20 ᠳ᠋ᠤᠭᠠᠷ ᠵᠠᠭᠤᠨ ᠤ ᠡᠬᠢ ᠪᠡᠷ᠂ ᠬᠠᠷᠢᠨ ᠰᠢᠬᠢᠷ ᠦᠨ ᠰᠢᠵᠢᠩ ᠨᠡᠯᠢᠶᠡᠳ ᠰᠡᠭᠦᠯ ᠳᠦ ᠠᠰᠠᠭᠤᠳᠠᠯ ᠪᠣᠯᠵᠤ ᠡᠬᠢᠯᠡᠭᠰᠡᠨ ᠪᠢᠯᠡ᠃ ᠲᠡᠭᠡᠪᠡᠯ ᠬᠦᠮᠦᠨ ᠲᠥᠷᠥᠯᠬᠢᠲᠡᠨ ᠲᠡᠦᠬᠡ ᠶᠢᠨ ᠢᠶᠡᠨ ᠲᠤᠷᠰᠢᠳᠠ ᠮᠢᠬ᠎ᠠ ᠢᠳᠡᠭᠰᠡᠨ᠃ ᠬᠠᠭᠤᠴᠢᠨ ᠬᠦᠨᠡᠰᠦᠨ ᠡᠴᠡ ᠰᠢᠨ᠎ᠡ ᠡᠪᠡᠳᠴᠢᠨ ᠦ ᠰᠢᠯᠲᠠᠭᠠᠨ ᠢ ᠬᠠᠶᠢᠬᠤ ᠤᠳᠬ᠎ᠠ ᠦᠭᠡᠢ᠃ ᠰᠤᠳᠤᠯᠭ᠎ᠠ ᠪᠠᠷ ᠡᠳᠡᠭᠡᠷ ᠡᠪᠡᠳᠴᠢᠨ ᠪᠣᠯᠤᠨ ᠪᠣᠯᠪᠠᠰᠤᠷᠠᠭᠤᠯᠤᠭ᠎ᠠ ᠦᠭᠡᠢ ᠲᠦᠭᠦᠬᠡᠢ ᠮᠢᠬᠠᠨ ᠤ ᠬᠣᠭᠣᠷᠣᠨᠳᠣ ᠶᠠᠮᠠᠷ ᠴᠤ ᠬᠣᠯᠪᠣᠭ᠎ᠠ ᠢᠯᠡᠷᠡᠭᠡ ᠦᠭᠡᠢ᠃ ᠬᠠᠷᠢᠨ ᠪᠣᠯᠪᠠᠰᠤᠷᠠᠭᠤᠯᠤᠭᠰᠠᠨ ᠮᠢᠬᠠᠨ ᠳᠤ ᠠᠰᠠᠭᠤᠳᠠᠯ ᠪᠠᠶᠢᠭ᠎ᠠ ᠨᠢ ᠪᠠᠲᠤᠯᠠᠭᠳᠠᠵᠠᠢ᠃ ᠮᠡᠳᠡᠭᠡᠵᠢ ᠮᠢᠬ᠎ᠠ ᠭᠡᠯᠲᠡ ᠦᠭᠡᠢ ᠪᠣᠯᠪᠠᠰᠤᠷᠠᠭᠤᠯᠤᠭᠰᠠᠨ᠂ ᠤᠳᠠᠭᠠᠨ ᠬᠠᠳᠠᠭᠠᠯᠠᠬᠤ ᠵᠣᠷᠢᠭᠤᠯᠤᠯᠲᠠ ᠲᠠᠢ ᠬᠦᠨᠡᠰᠦ ᠪᠣᠯᠭᠠᠨ ᠡᠪᠡᠳᠴᠢᠨ ᠦ ᠡᠬᠢ ᠡᠭᠦᠰᠪᠦᠷᠢ ᠪᠣᠯᠳᠠᠭ᠃ 4.ᠲᠦᠭᠦᠬᠡᠢ ᠮᠢᠬ᠎ᠠ ᠬᠣᠣᠷᠲᠤ ᠬᠠᠪᠤᠳᠠᠷ ᠡᠭᠦᠰᠬᠡᠳᠡᠭ᠃ ᠡᠨᠡ ᠨᠢ ᠰᠤᠳᠤᠯᠭ᠎ᠠ ᠪᠠᠷ ᠪᠠᠲᠤᠯᠠᠭᠳᠠᠭ᠎ᠠ ᠦᠭᠡᠢ᠃ ᠬᠠᠷᠢᠨ ᠲᠦᠭᠦᠬᠡᠢ ᠮᠢᠬ᠎ᠠ ᠶᠢ ᠬᠡᠷᠬᠢᠨ ᠪᠣᠯᠪᠠᠰᠤᠷᠠᠭᠤᠯᠵᠤ᠂ ᠪᠣᠯᠭᠣᠵᠤ ᠬᠡᠷᠡᠭᠯᠡᠭᠰᠡᠨ ᠡᠴᠡ ᠬᠠᠮᠢᠶᠠᠷᠤᠨ᠎ᠠ᠃ ᠬᠡᠲᠦ ᠲᠦᠯᠡᠬᠦ᠂ ᠬᠠᠭᠠᠷᠢᠬᠤ ᠦᠶ᠎ᠡ ᠳᠦ ᠪᠡᠶ᠎ᠡ ᠳᠦ ᠬᠣᠣᠷ ᠲᠠᠢ ᠪᠣᠳᠠᠰ ᠤᠳ ᠡᠭᠦᠰᠴᠦ ᠬᠣᠣᠷᠲᠤ ᠬᠠᠪᠤᠳᠠᠷ ᠤᠨ ᠰᠢᠯᠲᠠᠭᠠᠨ ᠪᠣᠯᠳᠠᠭ ᠪᠠᠶᠢᠨ᠎ᠠ᠃ ᠲᠡᠶᠢᠮᠦ ᠡᠴᠡ ᠠᠯᠢ ᠪᠣᠯᠬᠤ ᠵᠥᠭᠡᠯᠡᠨ ᠪᠣᠯᠭᠠᠵᠤ᠂ ᠬᠡᠲᠦ ᠲᠦᠯᠡᠵᠦ ᠰᠢᠷᠠᠯ ᠦᠭᠡᠢ ᠬᠡᠷᠡᠭᠯᠡᠬᠦ ᠳᠦ ᠠᠰᠠᠭᠤᠳᠠᠯ ᠪᠠᠶᠢᠬᠤ ᠦᠭᠡᠢ᠃ ᠲᠦᠯᠡᠭᠳᠡᠭᠰᠡᠨ ᠬᠡᠰᠡᠭ ᠢ ᠨᠢ ᠰᠠᠯᠭᠠᠵᠤ ᠬᠠᠶᠠᠵᠤ ᠪᠠᠶᠢᠬᠤ ᠬᠡᠷᠡᠭᠲᠡᠢ᠃ 5. ᠬᠦᠮᠦᠨ ᠲᠥᠷᠥᠯᠬᠢᠲᠡᠨ ᠠᠩᠬᠠᠨ ᠠᠴᠠ ᠪᠠᠨ ᠡᠪᠡᠰᠦᠨ ᠲᠡᠵᠢᠭᠡᠯᠲᠡᠨ᠂ ᠮᠢᠬ᠎ᠠ ᠢᠳᠡᠬᠦ ᠪᠡᠷ ᠪᠦᠲᠦᠭᠡᠭᠳᠡᠭᠡ ᠦᠭᠡᠢ᠃ ᠮᠢᠬ᠎ᠠ ᠢᠳᠡᠳᠡᠭ ᠦᠭᠡᠢ ᠬᠦᠮᠦᠰ ᠡᠴᠡ ᠡᠶᠢᠮᠦ ᠶᠠᠷᠢᠶ᠎ᠠ ᠪᠠᠶᠢᠩᠭᠤ ᠭᠠᠷᠳᠠᠭ᠃ ᠭᠡᠪᠡᠴᠦ ᠡᠨᠡ ᠪᠣᠯ ᠪᠦᠬᠦᠯᠢ ᠳᠦ ᠪᠡᠨ ᠬᠤᠳᠠᠯ᠃ ᠬᠦᠮᠦᠰ ᠪᠣᠯᠤᠨ᠂ ᠲᠡᠳᠡᠨ ᠦ ᠡᠪᠦᠭᠡ ᠳᠡᠭᠡᠳᠦᠰ ᠮᠢᠬᠠᠨ ᠬᠦᠨᠡᠰᠦ ᠲᠡᠢ ᠪᠠᠶᠢᠭᠰᠠᠨ᠃ ᠲᠡᠳᠡᠨ ᠦ ᠪᠡᠶ᠎ᠡ ᠮᠢᠬ᠎ᠠ ᠶᠢ ᠪᠣᠯᠪᠠᠰᠤᠷᠠᠭᠤᠯᠬᠤ ᠳᠤ ᠮᠠᠰᠢ ᠰᠠᠶᠢᠨ ᠵᠣᠬᠢᠴᠠᠭᠰᠠᠨ ᠪᠠᠶᠢᠳᠠᠭ᠃ ᠪᠦᠷ ᠵᠢᠮᠢᠰ᠂ ᠨᠣᠭᠣᠭᠠᠨ ᠠᠴᠠ ᠴᠤ ᠢᠯᠡᠭᠦᠦ ᠵᠣᠬᠢᠴᠠᠳᠠᠭ᠃ ᠠᠮᠢᠲᠠᠨ ᠤ ᠭᠠᠷᠤᠯ ᠲᠠᠢ ᠬᠦᠨᠡᠰᠦ ᠬᠦᠮᠦᠨ ᠲᠥᠷᠥᠯᠬᠢᠲᠡᠨ ᠤ ᠬᠥᠭᠵᠢᠯ ᠢ ᠤᠳᠤᠷᠢᠳᠴᠤ᠂ ᠪᠦᠬᠦ ᠠᠮᠢᠲᠠᠨ ᠠᠴᠠ ᠢᠯᠡᠭᠦᠦ ᠲᠣᠮᠣ ᠲᠠᠷᠢᠬᠢ ᠲᠠᠢ ᠪᠣᠯᠭᠠᠭᠰᠠᠨ᠃ 6. ᠮᠢᠬ᠎ᠠ ᠬᠡᠷᠡᠭᠯᠡᠬᠦ ᠨᠢ ᠶᠠᠰᠤᠨ ᠳᠤ ᠮᠠᠭᠤ ᠪᠠᠷ ᠨᠥᠯᠦᠭᠡᠯᠡᠳᠡᠭ᠃ ᠣᠯᠠᠨ ᠬᠦᠮᠦᠨ ᠫᠷᠣᠲ᠋ᠧᠶᠢᠨ ᠪᠣᠯ ᠬᠦᠮᠦᠨ ᠦ ᠶᠠᠰᠤᠨ ᠤ ᠰᠡᠶᠢᠷᠡᠭᠵᠢᠯᠲᠡᠨ ᠳᠦ ᠨᠥᠯᠦᠭᠡᠯᠡᠳᠡᠭ ᠭᠡᠳᠡᠭ ᠲᠦ ᠢᠲᠡᠭᠡᠳᠡᠭ᠃ ᠲᠡᠭᠡᠪᠡᠯ ᠰᠤᠳᠤᠯᠭ᠎ᠠ ᠪᠠᠷ ᠡᠨᠡ ᠨᠢ ᠪᠠᠲᠤᠯᠠᠭᠳᠠᠭ᠎ᠠ ᠦᠭᠡᠢ ᠪᠠ ᠬᠠᠷᠢᠨ ᠴᠤ ᠮᠢᠬᠠᠨ ᠠᠴᠠ ᠠᠪᠳᠠᠭ ᠫᠷᠣᠲ᠋ᠧᠶᠢᠨ ᠨᠢ ᠶᠠᠰᠤᠨ ᠤ ᠨᠢᠭᠲᠠᠷᠠᠯ ᠢ ᠨᠡᠮᠡᠭᠳᠡᠭᠦᠯᠳᠡᠭ ᠰᠠᠶᠢᠨ ᠲᠠᠯ᠎ᠠ ᠲᠠᠢ ᠭᠡᠵᠡᠢ᠃ 7. ᠮᠢᠬ᠎ᠠ ᠬᠡᠷᠡᠭᠯᠡᠬᠦ ᠦᠭᠡᠢ ᠠᠮᠢᠳᠤᠷᠠᠵᠤ ᠪᠣᠯᠤᠨ᠎ᠠ᠃ ᠮᠡᠳᠡᠭᠡᠵᠢ ᠪᠣᠯᠤᠨ᠎ᠠ᠃ ᠵᠠᠷᠢᠮ ᠬᠦᠮᠦᠨ ᠮᠢᠬᠠᠨ ᠠᠴᠠ ᠠᠪᠳᠠᠭ ᠪᠣᠳᠠᠰ ᠤᠳ ᠢ ᠪᠤᠰᠤᠳ ᠬᠦᠨᠡᠰᠦᠨ ᠡᠴᠡ᠂ ᠮᠥᠨ ᠸᠢᠲ᠋ᠠᠮᠢᠨ ᠬᠡᠷᠡᠭᠯᠡᠬᠦ ᠵᠠᠮ ᠢᠶᠠᠷ ᠠᠪᠴᠤ ᠪᠣᠯᠤᠨ᠎ᠠ᠃ ᠢᠩᠭᠢᠭᠰᠡᠨ ᠲᠣᠬᠢᠶᠠᠯᠳᠤᠯ ᠳᠤ ᠮᠢᠬ᠎ᠠ ᠬᠡᠷᠡᠭ ᠦᠭᠡᠢ ᠭᠡᠳᠡᠭ᠃ ᠭᠡᠬᠦ ᠳᠦ ᠪᠡᠨ ᠮᠢᠬᠠᠨ ᠠᠴᠠ ᠠᠪᠳᠠᠭ ᠪᠣᠳᠠᠰ ᠤᠳ ᠢ ᠨᠥᠬᠥᠬᠦ ᠶᠢᠨ ᠲᠤᠯᠠᠳᠠ ᠪᠤᠰᠤᠳ ᠬᠦᠨᠡᠰᠦᠨ ᠦ ᠨᠣᠭᠣᠭ᠎ᠠ᠂ ᠵᠢᠮᠢᠰ᠂ ᠵᠢᠭᠠᠰᠤ᠂ ᠥᠨᠳᠡᠭᠡ ᠵᠡᠷᠭᠡ ᠶᠢ ᠮᠠᠰᠢ ᠶᠡᠬᠡ ᠪᠡᠷ ᠬᠡᠷᠡᠭᠯᠡᠬᠦ ᠱᠠᠭᠠᠷᠳᠠᠯᠭ᠎ᠠ ᠭᠠᠷᠤᠨ᠎ᠠ᠃ ᠮᠥᠨ ᠰᠢᠨᠵᠢᠯᠡᠬᠦ ᠤᠬᠠᠭᠠᠨ ᠤ ᠣᠯᠵᠤ ᠢᠯᠡᠷᠡᠭᠦᠯᠦᠭᠡ ᠦᠭᠡᠢ ᠮᠠᠰᠢ ᠣᠯᠠᠨ ᠪᠣᠳᠠᠰ ᠪᠠᠰᠠ ᠴᠠᠭᠠᠨ᠎ᠠ ᠨᠢ ᠮᠢᠬᠠᠨ ᠳᠤ ᠪᠠᠶᠢᠳᠠᠭ᠃ ᠲᠡᠭᠡᠬᠦ ᠪᠡᠷ ᠮᠢᠬ᠎ᠠ ᠪᠣᠯ ᠵᠠᠶᠢᠯᠠᠰᠢ ᠦᠭᠡᠢ ᠬᠦᠮᠦᠨ ᠦ ᠬᠦᠨᠡᠰᠦᠨ ᠳᠦ ᠪᠠᠶᠢᠬᠤ ᠬᠡᠷᠡᠭᠲᠡᠢ᠃ ᠬᠠᠷᠢᠨ ᠰᠠᠶᠢᠨ ᠴᠢᠨᠠᠷ ᠤᠨ ᠮᠢᠬ᠎ᠠ ᠬᠡᠷᠡᠭᠯᠡᠬᠦ ᠨᠢ ᠴᠢᠬᠤᠯᠠ᠃ ᠲᠤᠬᠠᠶᠢᠯᠠᠪᠠᠯ ᠵᠡᠷᠯᠢᠭ ᠪᠠᠶᠢᠭᠠᠯᠢ ᠠᠴᠠ ᠥᠪᠡᠷ ᠢᠶᠡᠨ ᠬᠣᠭᠣᠯᠠ ᠪᠠᠨ ᠣᠯᠵᠤ ᠢᠳᠡᠳᠡᠭ ᠠᠮᠢᠲᠠᠨ ᠤ ᠮᠢᠬ᠎ᠠ ᠬᠠᠮᠤᠭ ᠤᠨ ᠰᠠᠶᠢᠨ ᠴᠢᠨᠠᠷ ᠲᠠᠢ᠃ ᠵᠠᠷᠢᠮ ᠬᠦᠮᠦᠨ ᠢ ᠮᠢᠬᠠᠨ ᠠᠴᠠ ᠥᠭᠡᠷ᠎ᠡ ᠬᠦᠨᠡᠰᠦ ᠣᠭᠲᠣ ᠬᠡᠷᠡᠭᠯᠡᠭᠦᠯᠬᠦ ᠦᠭᠡᠢ ᠪᠡᠷ ᠬᠡᠰᠡᠭ ᠬᠤᠭᠤᠴᠠᠭᠠᠨ ᠳᠤ ᠪᠠᠶᠢᠯᠭᠠᠵᠤ ᠲᠤᠷᠰᠢᠭᠰᠠᠨ ᠪᠠᠶᠢᠳᠠᠭ᠃ ᠢᠩᠭᠢᠬᠦ ᠳᠦ ᠪᠡᠶ᠎ᠡ ᠨᠢ ᠴᠣ ᠡᠷᠡᠭᠦᠯ ᠪᠠᠶᠢᠭᠰᠠᠨ ᠢ ᠪᠠᠷᠢᠮᠲᠠ ᠳᠤ ᠳᠤᠷᠠᠳᠴᠠᠢ᠃ 8. ᠮᠢᠬ᠎ᠠ ᠲᠠᠷᠭᠤᠯᠠᠭᠤᠯᠳᠠᠭ᠃ ᠬᠠᠷᠢᠨ ᠴᠤ ᠡᠰᠡᠷᠭᠦ ᠪᠡᠷ ᠢᠶᠡᠨ᠃ ᠮᠢᠬᠠᠨ ᠠᠴᠠ ᠠᠪᠳᠠᠭ ᠫᠷᠣᠲ᠋ᠧᠶᠢᠨ ᠨᠢ ᠬᠦᠮᠦᠨ ᠦ ᠪᠡᠶ᠎ᠡ ᠳ᠋ᠡᠬᠢ ᠺᠠᠯᠣᠷᠢ ᠶᠢ ᠶᠡᠬᠡ ᠪᠡᠷ ᠰᠢᠲᠠᠭᠠᠳᠠᠭ ᠪᠠᠶᠢᠨ᠎ᠠ᠃ ᠬᠡᠷᠪᠡ ᠬᠦᠮᠦᠨ ᠰᠠᠶᠢᠨ ᠴᠢᠨᠠᠷ ᠤᠨ ᠮᠢᠬ᠎ᠠ ᠪᠠᠷ ᠭᠣᠣᠯᠳᠠᠭᠤ ᠬᠣᠭᠣᠯᠠᠯᠠᠭᠠᠳ᠂ ᠪᠤᠰᠤᠳ ᠲᠥᠷᠥᠯ ᠦᠨ ᠬᠦᠨᠡᠰᠦ ᠪᠡᠨ ᠪᠠᠭᠠᠰᠬᠠᠪᠠᠯ ᠵᠢᠩ ᠢᠶᠠᠨ ᠪᠠᠭᠤᠷᠠᠭᠤᠯᠬᠤ ᠪᠣᠯᠤᠮᠵᠢ ᠲᠠᠢ ᠭᠡᠨ᠎ᠡ᠃ ᠫᠷᠣᠲ᠋ᠧᠢᠨ ᠤ ᠥᠨᠳᠥᠷ ᠠᠭᠤᠯᠤᠮᠵᠢ ᠲᠠᠢ ᠬᠦᠨᠡᠰᠦ ᠪᠣᠳᠠᠰ ᠤᠨ ᠰᠣᠯᠢᠯᠴᠠᠭ᠎ᠠ ᠶᠢ ᠡᠷᠴᠢᠮᠵᠢᠭᠦᠯᠵᠦ ᠡᠳᠦᠷ ᠲᠦ 80-100 ᠺᠠᠯᠣᠷᠢ ᠰᠢᠲᠠᠭᠠᠳᠠᠭ ᠨᠢ ᠰᠤᠳᠤᠯᠭ᠎ᠠ ᠪᠠᠷ ᠪᠠᠲᠤᠯᠠᠭᠳᠠᠵᠠᠢ᠃ ︵ ᠮᠣᠩᠭᠣᠯ ᠮᠠᠯ ᠰᠢᠮᠡᠲᠦ ᠡᠪᠡᠰᠦ ᠤᠷᠭᠤᠮᠠᠯ ᠢᠶᠠᠨ ᠰᠣᠷᠴᠢᠯᠠᠵᠤ᠂ ᠰᠢᠯᠢᠵᠦ ᠢᠳᠡᠳᠡᠭ᠃ ᠪᠠᠶᠢᠭᠠᠯᠢ ᠶᠢᠨ ᠬᠠᠤᠯᠢ ᠪᠠᠨ ᠵᠥᠷᠢᠴᠡᠳᠡᠭ ᠦᠭᠡᠢ᠃ ᠰᠠᠶᠢᠨ ᠮᠠᠯᠴᠢᠳ ᠡᠪᠡᠰᠦᠨ ᠦ ᠰᠣᠷᠭᠣᠭ ᠤᠰᠤᠨ ᠤ ᠲᠤᠩᠭᠠᠯᠠᠭ ᠠᠯᠢ ᠰᠠᠶᠢᠬᠠᠨ ᠨᠤᠲᠤᠭ ᠢ ᠰᠣᠩᠭᠣᠨ ᠵᠢᠯ ᠦᠨ 4 ᠤᠯᠠᠷᠢᠯ ᠳᠦ ᠨᠡᠭᠦᠳᠡᠯᠯᠡᠨ᠂ ᠡᠪᠦᠯ ᠦᠨ ᠬᠦᠢᠲᠡᠨ ᠬᠠᠪᠤᠷ ᠤᠨ ᠬᠠᠪᠰᠤᠷᠭ᠎ᠠ ᠶᠢ ᠦᠯᠦ ᠲᠣᠭᠤᠨ ᠣᠲᠣᠷᠯᠠᠳᠠᠭ᠂ ᠮᠠᠯ ᠳᠤ ᠪᠠᠨ ᠬᠣᠣᠷᠲᠤ ᠡᠮ ᠲᠠᠷᠢᠶ᠎ᠠ ᠬᠡᠷᠡᠭᠯᠡᠬᠦ ᠦᠭᠡᠢ ᠡᠷᠡᠭᠦᠯ ᠴᠡᠪᠡᠷ ᠬᠦᠨᠡᠰᠦ ᠪᠡᠯᠡᠳᠴᠦ ᠪᠠᠶᠢᠭ᠎ᠠ ᠤᠯᠠᠮᠵᠢᠯᠠᠯᠲᠤ ᠠᠷᠭ᠎ᠠ ᠪᠠᠷ ᠪᠡᠯᠡᠳᠦᠭᠰᠡᠨ ᠮᠢᠬᠠᠨ ᠤ ᠲᠤᠬᠠᠢ ᠯᠠ᠁ ︶
3
2
13847524386 211429899@qq.com 13847524386 QQ 211429899
蒙ICP备17002503号-1