ᠦᠨᠦᠷ ᠁
ᠦᠨᠦᠷ ᠦᠭᠡᠢ ᠤᠰᠤ ᠶᠢ ᠠᠯᠠᠭ᠎ᠠ ᠪᠠᠷ ᠢᠶᠠᠨ ᠢᠷᠠᠨ ᠦᠢᠯᠡᠳᠦᠭᠴᠢ ᠲᠦᠮᠡᠨ ᠪᠣᠳᠠᠰ ᠢ ᠨᠢ ᠳᠡᠯᠭᠡᠬᠦ ᠦᠭᠡᠢ
2428
2021-11-15 09:39
发表于:内蒙古
ᠦᠨᠦᠷ
ᠦᠨᠦᠷ ᠦᠭᠡᠢ ᠤᠰᠤ ᠶᠢ ᠠᠯᠠᠭ᠎ᠠ ᠪᠠᠷ ᠢᠶᠠᠨ ᠢᠷᠠᠨ
ᠦᠢᠯᠡᠳᠦᠭᠴᠢ ᠲᠦᠮᠡᠨ ᠪᠣᠳᠠᠰ ᠢ ᠨᠢ ᠳᠡᠯᠭᠡᠬᠦ ᠦᠭᠡᠢ
ᠦᠨᠦᠷ ᠦᠭᠡᠢ ᠤᠰᠤ ᠥᠪᠡᠷ ᠢᠶᠡᠨ ᠠᠩᠬᠢᠯᠤᠮ᠎ᠠ
ᠦᠨᠦᠷ ᠦᠭᠡᠢ ᠰᠡᠳᠬᠢᠯ ᠢ ᠦᠭᠡ ᠪᠡᠷ ᠢᠶᠡᠨ ᠢᠷᠠᠨ
ᠦᠢᠯᠡ ᠶᠢᠨ ᠮᠢᠩᠭᠠᠨ ᠦᠭᠡᠰ ᠢ ᠰᠢᠪᠡᠨᠡᠬᠦ ᠳᠦ
ᠦᠨᠦᠷ ᠦᠭᠡᠢ ᠰᠡᠳᠬᠢᠯ ᠥᠪᠡᠷ ᠢᠶᠡᠨ ᠦᠨᠦᠷᠲᠡᠨᠡᠮ
ᠦᠨᠦᠷ ᠦᠭᠡᠢ ᠮᠢᠩᠭᠠᠨ ᠣᠨ ᠢ ᠲᠤᠭᠤᠯᠤᠨ ᠤᠷᠤᠰᠤᠭᠰᠠᠨ ᠤᠰᠤᠨ ᠳᠤ
ᠦᠢᠯᠡ ᠶᠢᠨ ᠬᠠᠯᠪᠠᠭ᠎ᠠ ᠪᠠᠷ ᠶᠠᠭᠤ ᠳᠤᠰᠤᠭᠠᠨ᠎ᠠ ᠲᠡᠭᠦᠨ ᠳᠦ ᠬᠤᠪᠢᠯᠵᠤ
ᠦᠨᠦᠷ ᠦᠭᠡᠢ ᠬᠥᠮᠥᠨ ᠵᠠᠶᠠᠭ᠎ᠠ ᠶᠢ ᠲᠠᠭᠠᠯᠠᠨ ᠢᠷᠡᠭᠰᠡᠨ ᠰᠡᠳᠬᠢᠯ ᠳᠦ
ᠦᠭᠡ ᠶᠢᠨ ᠰᠢᠳᠢ ᠪᠡᠷ ᠶᠠᠭᠤ ᠰᠢᠪᠡᠨᠡᠨ᠎ᠡ ᠲᠡᠭᠦᠨ ᠳᠦ ᠡᠷᠬᠡᠰᠢᠶᠡᠭᠳᠡᠨᠡ
ᠭᠦᠨ ᠴᠡᠭᠡᠯ ᠦᠨ ᠤᠰᠤᠨ ᠭᠠᠵᠠᠷ ᠤᠨ ᠬᠡᠪᠡᠯᠢ ᠳᠦ ᠪᠤᠯᠠᠩᠭᠢᠷᠲᠤᠵᠤ
ᠭᠦᠨ ᠲᠩᠷᠢ ᠶᠢᠨ ᠬᠥᠮᠥᠨ ᠰᠦᠨᠡᠰᠦ ᠭᠠᠵᠠᠷ ᠤᠨ ᠦᠢᠯᠡ ᠳᠦ ᠣᠷᠢᠶᠠᠭᠳᠠᠨᠠ
ᠭᠠᠵᠠᠷ ᠤᠨ ᠦᠨᠦᠷ᠂ ᠬᠦᠮᠦᠨ ᠦ ᠦᠨᠦᠷ᠂
ᠭᠠᠯ ᠦᠨᠡᠰᠦ᠂ ᠵᠣᠪᠠᠯᠠᠩ ᠵᠢᠷᠭᠠᠯ ᠤᠨ ᠦᠨᠦᠷ
ᠭᠠᠷᠴᠠᠭ᠎ᠠ ᠦᠭᠡᠢ ᠡᠨᠳᠡ ᠯᠠ ᠪᠥᠷᠢᠯᠳᠦᠨ᠎ᠡ
ᠦᠨᠦᠷ ᠦᠭᠡᠢ ᠦᠯᠢᠶᠡᠬᠦ ᠰᠠᠯᠬᠢᠨ ᠠᠴᠠ
ᠦᠢᠯᠡ ᠶᠢᠨ ᠦᠷ᠎ᠡ ᠦᠨᠦᠷᠲᠡᠨᠡ
ᠦᠨᠦᠷ ᠨᠢ ᠲᠣᠳᠣ ᠢᠵᠢᠢ ᠶᠢᠨ ᠬᠢ ᠨᠢ ᠳᠡᠪᠡᠯ ᠡᠴᠡ
ᠦᠷ᠎ᠡ ᠳᠦ ᠪᠡᠨ ᠠᠮᠢᠳᠤ ᠡᠬᠡ ᠬᠦᠮᠦᠨ ᠦᠨᠦᠷᠲᠡᠨᠡ
ᠦᠨᠦᠷ ᠥᠪᠡᠷ ᠢᠶᠡᠨ ᠥᠩᠭᠡ ᠦᠭᠡᠢ ᠶᠢ ᠰᠦᠯᠡᠵᠦ
ᠥᠷᠦᠰᠢᠶᠡᠯ ᠦᠭᠡᠢ ᠨᠤᠲᠠᠯᠠᠬᠤ ᠭᠠᠵᠠᠷ ᠤᠨ ᠡᠷᠬᠡᠰᠢᠶᠡᠯ ᠶᠤᠮ
ᠤᠰᠤᠨ ᠤ ᠦᠨᠦᠷ
ᠬᠦᠮᠦᠨ ᠦ ᠦᠨᠦᠷ
ᠰᠠᠯᠬᠢᠨ ᠤ ᠦᠨᠦᠷ
ᠪᠠᠭᠤᠵᠤ ᠮᠣᠷᠳᠠᠭᠠᠳ
ᠪᠤᠴᠠᠬᠤ ᠳᠡᠯᠡᠬᠡᠢ ᠶᠢᠨ ᠦᠨᠦᠷ
ᠪᠢᠳᠡᠨ ᠳᠦ ᠰᠢᠩᠭᠡᠭᠰᠡᠨ ᠲᠠᠨᠢᠬᠤ ᠦᠭᠡᠢ ᠪᠦᠬᠦ ᠦᠨᠦᠷ
ᠪᠢᠷ ᠨᠢ ᠦᠭᠡᠢ ᠪᠢᠴᠢᠭᠳᠡᠭᠰᠡᠨ ᠦᠢᠯᠡ ᠶᠢᠨ ᠦᠷ᠎ᠡ ᠶᠢᠨ ᠵᠢᠷᠤᠭᠠᠰᠤ ᠶᠤᠮ᠃
ᠪ ᠊ ᠰᠠᠷᠠᠨᠲᠤᠶᠠᠭ᠎ᠠ
2 0