ᠰᠠᠴᠠᠨ ᠨᠠᠰᠤᠳᠠᠨ ᠤ ᠲᠡᠮᠡᠬᠢᠨ ᠬᠠᠪᠳᠠᠭ᠎ᠠ ᠲᠡᠯᠡᠬᠡᠢ ᠶᠢᠨ ᠬᠢᠨᠢᠰ ᠤᠨ ᠲᠡᠮᠳᠡᠭᠯᠡᠯ ᠢ ᠡᠬᠦᠳᠪᠡ
ᠰᠠᠴᠠᠨ ᠨᠠᠰᠤᠳᠠᠨ ᠤ ᠲᠡᠮᠡᠬᠢᠨ ᠬᠠᠪᠳᠠᠭ᠎ᠠ ᠲᠡᠯᠡᠬᠡᠢ ᠶᠢᠨ ᠬᠢᠨᠢᠰ ᠤᠨ ᠲᠡᠮᠳᠡᠭᠯᠡᠯ ᠢ ᠡᠬᠦᠳᠪᠡ
4400
2021-03-27 14:49
发表于:内蒙古

1 ᠰᠠᠷ᠎ᠠ ᠶᠢᠨ ᠲᠤᠮᠳᠠᠴᠢ ᠪᠠᠷ᠂ ᠰᠤᠷᠪᠤᠯᠵᠢᠯᠠᠭᠴᠢ ᠰᠦᠩᠱᠠᠨ ᠲᠤᠭᠤᠷᠢᠭ ᠤᠨ ᠴᠦᠨ ᠴᠧᠩ ᠨᠡᠶᠢᠭᠡᠮ ᠲᠤᠭᠤᠷᠢᠭ ᠤᠨ ᠰᠠᠴᠠᠨ ᠨᠠᠰᠤᠳᠠᠨ ᠳᠤ ᠰᠤᠨᠢᠨ ᠬᠦᠷᠭᠡᠬᠦ ᠪᠠᠷ ᠤᠴᠢᠬᠤ ᠳᠤ᠂ ᠰᠢᠨ᠎ᠡ ᠳᠤᠮᠳᠠᠳᠤ ᠤᠯᠤᠰ ᠪᠠᠶᠢᠭᠤᠯᠤᠭᠳᠠᠭᠰᠠᠨ 70 ᠵᠢᠯ ᠤᠨ ᠤᠢ ᠳᠤ ᠵᠤᠷᠢᠭᠤᠯᠤᠨ ᠤᠷᠠᠯᠠᠵᠦ ᠤᠶᠤᠭᠰᠠᠨ ᠳᠤᠮᠤ ᠲᠡᠮᠡᠬᠢᠨ ᠬᠠᠪᠳᠠᠭ᠎ᠠ ᠨᠢ ᠲᠡᠯᠡᠬᠡᠢ ᠶᠢᠨ ᠬᠢᠨᠢᠰ ᠤᠨ ᠲᠡᠮᠳᠡᠭᠯᠡᠯ ᠡᠬᠦᠳᠴᠤ᠂ ᠱᠠᠩᠬᠠᠢ ᠶᠢᠨ ᠲᠡᠯᠡᠬᠡᠢ ᠶᠢᠨ ᠬᠢᠨᠢᠰ ᠤᠨ ᠲᠡᠮᠳᠡᠭᠯᠡᠯ ᠤᠨ ᠶᠡᠷᠦᠩᠬᠡᠢ ᠵᠠᠬᠢᠷᠭ᠎ᠠ ᠠᠴᠠ ᠲᠡᠯᠡᠬᠡᠢ ᠶᠢᠨ ᠬᠢᠨᠢᠰ ᠤᠨ ᠲᠡᠷᠢᠬᠦᠨ ᠤ ᠦᠨᠡᠮᠯᠡᠯ ᠤᠯᠭᠤᠭᠰᠠᠨ ᠪᠠᠶᠠᠷ ᠲᠠᠢ ᠳᠤᠬᠢᠶᠠᠯᠠ᠃
ᠬᠤᠪᠢ ᠢᠷᠦᠭᠡᠯ ᠭᠡᠳᠡᠭ ᠶᠡᠷᠦ ᠨᠢ ᠡᠶᠢᠮᠦᠷᠬᠦᠦ ᠰᠤᠨᠢᠨ ᠭᠠᠶᠢᠬᠠᠯᠳᠠᠢ᠃ 2019 ᠤᠨ ᠤ 8 ᠰᠠᠷ᠎ᠠ ᠶᠢᠨ 2 ᠤᠨ ᠡᠳᠦᠷ᠂ ᠰᠤᠷᠪᠤᠯᠵᠢᠯᠠᠭᠴᠢ ᠨᠠᠰᠤᠲᠠᠨ ᠲᠠᠢ ᠭᠠᠷ ᠤᠲᠠᠰᠤ ᠪᠠᠷ ᠬᠠᠷᠢᠯᠴᠠᠬᠤ ᠳᠤ᠂ ᠨᠠᠰᠤᠲᠠᠨ 2 ᠵᠢᠯ ᠭᠠᠷᠤᠢ ᠶᠢᠨ ᠬᠤᠭᠤᠴᠠᠭ᠎ᠠ ᠬᠡᠷᠡᠭᠰᠡᠨ ᠤᠶᠤᠭᠰᠠᠨ ᠲᠤᠮᠤ ᠳᠠᠮᠠᠬᠢᠨ ᠬᠠᠪᠲᠠᠭ᠎ᠠ ᠪᠠᠨ ᠳᠦᠩᠭᠡᠵᠦ ᠤᠶᠤᠵᠤ ᠳᠠᠭᠤᠰᠬᠠᠯ᠎ᠠ ᠬᠡᠬᠦ ᠰᠠᠶᠢᠬᠠᠨ ᠰᠤᠷᠠᠭ ᠦᠭᠪᠡ᠃ ᠰᠤᠷᠪᠤᠯᠵᠢᠯᠠᠭᠴᠢ ᠳᠠᠷᠦ᠋ᠢᠬᠠᠠ ᠨᠠᠰᠤᠲᠠᠨ ᠤ ᠭᠡᠷ ᠲᠤ ᠬᠦᠷᠴᠦ᠂ ᠲᠠᠮᠠᠬᠢᠨ ᠬᠠᠪᠲᠠᠭ᠎ᠠ ᠶᠢᠨ ᠬᠢᠨᠢ ᠲᠤᠬᠠᠢ ᠨᠠᠷᠢᠨ ᠤᠢᠢᠯᠠᠭᠠᠵᠤ᠂ ᠲᠤᠰᠬᠠᠢ ᠮᠡᠳᠡᠭᠡᠯᠡᠯ ᠪᠢᠴᠢᠵᠦ᠂ ᠰᠢᠨ᠎ᠡ ᠳᠤᠮᠳᠠᠳᠤ ᠤᠯᠤᠰ ᠪᠠᠶᠢᠭᠤᠯᠤᠭᠳᠠᠭᠰᠠᠨ 70 ᠵᠢᠯ ᠤᠨ ᠤᠢ ᠳᠤ ᠪᠡᠯᠭᠡᠯᠡᠭᠰᠡᠨ ᠡᠨᠡ ᠬᠦ ᠲᠤᠮᠤ ᠪᠦᠲᠦᠭᠡᠯ ᠢ ᠳᠠᠶᠠᠭᠠᠷ ᠤᠯᠠᠨ ᠳᠤ ᠮᠡᠳᠡᠭᠡᠯᠡᠭᠰᠡᠨ ᠪᠢᠯᠡ᠃ ᠬᠡᠳᠦᠨ ᠰᠠᠷ᠎ᠠ ᠶᠢᠨ ᠳᠠᠷᠠᠭ᠎ᠠ ᠰᠤᠷᠪᠤᠯᠵᠢᠯᠠᠭᠴᠢ ᠳᠠᠬᠢᠵᠤ ᠨᠠᠰᠤᠲᠠᠨ ᠲᠠᠢ ᠵᠤᠯᠭᠠᠬᠤ ᠪᠠᠷ ᠤᠴᠢᠬᠤ ᠳᠤ᠂ ᠲᠤᠰ ᠪᠦᠲᠦᠭᠡᠯ ᠨᠢ ᠱᠠᠩᠬᠠᠢ ᠶᠢᠨ ᠳᠡᠯᠡᠬᠡᠢ ᠶᠢᠨ ᠭᠢᠨᠢᠰ ᠤᠨ ᠲᠡᠮᠲᠡᠭᠯᠡᠯ ᠡᠭᠦᠳᠴᠦ᠂ ᠨᠠᠰᠤᠲᠠᠨ ᠤ 2 ᠵᠢᠯ ᠭᠠᠷᠤᠢ ᠶᠢᠨ ᠬᠠᠲᠠᠭᠤᠵᠢᠯᠲᠠᠢ ᠬᠦᠳᠡᠯᠮᠦᠷᠢ ᠳᠤ ᠬᠠᠨᠤᠮᠵᠢᠲᠠᠢ ᠬᠠᠷᠢᠭᠤᠯᠲᠠ ᠦᠭᠴᠠᠢ᠃
ᠰᠡᠴᠡᠨ ᠨᠠᠰᠤᠲᠠᠨ ᠲᠤᠰ ᠲᠡᠮᠡᠬᠢᠨ ᠬᠠᠪᠳᠠᠭ᠎ᠠ ᠪᠠᠨ ᠤᠶᠤᠬᠤ ᠳᠤ ᠬᠦᠪᠤᠩ ᠤᠳᠠᠰᠤ᠂ ᠳᠤᠷᠭᠠᠨ ᠤᠳᠠᠰᠤ ᠬᠡᠷᠡᠭᠯᠡᠵᠥ᠂ ᠦᠨᠳᠦᠰᠦᠲᠡᠨ ᠤ ᠤᠨᠴᠠᠯᠢᠭᠳᠤ ᠳᠠᠩ ᠢᠶᠠᠷ ᠤᠷᠢᠶᠠᠬᠤ᠂ ᠳᠠᠪᠬᠤᠷ ᠢᠶᠠᠷ ᠤᠷᠢᠶᠠᠬᠤ ᠵᠢᠴᠢ ᠬᠠᠨ᠎ᠠ ᠶᠢᠨ ᠬᠡᠯᠪᠡᠷᠢ ᠲᠠᠢ ᠲᠦᠷᠪᠡᠯᠵᠢᠨ ᠤᠶᠤᠳᠠᠯ ᠢᠶᠠᠷ ᠬᠠᠳᠬᠤᠨ ᠤᠶᠤᠵᠦ᠂ ᠯᠢᠶᠤᠤᠨᠢᠩ ᠨᠠᠷᠠᠮᠵᠢᠳᠤ ᠨᠢᠰᠬᠡᠯ ᠤᠨ ᠬᠦᠯᠬᠡ ᠤᠩᠭᠤᠴᠠ᠂ ᠵᠢᠶᠤᠤ ᠯᠥᠩ ᠨᠠᠷᠠᠮᠵᠢᠳᠤ ᠱᠤᠩᠭᠤᠯ ᠤᠩᠭᠤᠴᠠ᠂ ᠴᠠᠩ ᠡᠸ᠋ ᠭᠤᠷᠪᠠᠳᠤᠭᠠᠷ ᠨᠤᠮᠧᠷᠳᠤ ᠵᠡᠷᠬᠡ ᠶᠢ ᠤᠷᠠᠯᠠᠠ ᠤᠶᠤᠵᠥ᠂ ᠤᠷᠲᠤ ᠨᠢ 4.106 ᠮᠧᠲᠷ᠂ ᠦᠷᠭᠡᠨ ᠨᠢ 0.964 ᠮᠧᠲᠷ ᠪᠤᠢ᠃ 2019 ᠤᠨ ᠤ 11 ᠰᠠᠷ᠎ᠠ ᠶᠢᠨ 19 ᠤ ᠡᠳᠦᠷ᠂ ᠰᠡᠴᠡᠨ ᠨᠠᠰᠤᠳᠠᠨ ᠲᠡᠯᠡᠬᠡᠢ ᠶᠢᠨ ᠬᠢᠨᠢᠰ ᠤᠨ ᠲᠡᠮᠳᠡᠭᠯᠡᠯ ᠡᠬᠦᠳᠦᠭᠰᠡᠨ ᠦᠨᠡᠮᠯᠡᠯ ᠢᠶᠠᠨ ᠭᠠᠷᠳᠠᠵᠠᠢ᠃
ᠡᠨᠡ ᠨᠢ ᠰᠠᠴᠠᠨ ᠨᠠᠰᠤᠳᠠᠨ ᠤ ᠳᠡᠯᠡᠬᠡᠢ ᠶᠢᠨ ᠭᠢᠨᠢᠰ ᠤᠨ ᠲᠡᠮᠲᠡᠭᠯᠡᠯ ᠢ ᠬᠦᠷᠲᠡᠭᠰᠡᠨ ᠠᠩᠬᠠᠨ ᠤ ᠪᠦᠲᠦᠭᠡᠯ ᠪᠢᠰᠢ ᠶᠤᠮ᠃ 2001 ᠤᠨ ᠳᠤ᠂ ᠠᠵᠢᠯ ᠤᠨ ᠠᠮᠠᠷᠠᠯᠳᠠ ᠪᠠᠨ ᠠᠪᠤᠭᠰᠠᠨ ᠨᠠᠰᠤᠳᠠᠠ ᠡᠬᠡ ᠤᠯᠤᠰ ᠤᠨ ᠢᠶᠠᠨ ᠳᠤᠮᠤ ᠳᠤᠮᠤ ᠬᠡᠷᠡᠭ ᠤᠴᠢᠷ ᠢ ᠲᠡᠮᠳᠡᠭᠯᠡᠭᠰᠡᠨ ᠳᠤᠮᠤ ᠬᠡᠯᠪᠡᠷᠢ ᠶᠢᠨ ᠲᠡᠮᠡᠬᠢᠨ ᠬᠠᠪᠳᠠᠭ᠎ᠠ ᠨᠤᠭᠤᠳ ᠢ ᠤᠷᠠᠯᠠᠨ ᠪᠦᠳᠦᠭᠡᠬᠦ ᠪᠠᠷ ᠵᠤᠷᠢᠭ ᠰᠢᠭᠤᠳᠴᠤ᠂ 2008 ᠤᠨ ᠤ ᠤᠯᠢᠮᠫᠢᠺ ᠤᠨ ᠲᠠᠮᠢᠷ ᠤᠨ ᠴᠤᠭᠯᠠᠭᠠᠨ᠂ ᠰᠢᠨ᠎ᠡ ᠳᠤᠮᠳᠠᠳᠤ ᠤᠯᠤᠰ ᠪᠠᠶᠢᠭᠤᠯᠤᠭᠳᠠᠭᠰᠠᠨ 60 ᠵᠢᠯ ᠤᠨ ᠤᠢ᠂ 2010 ᠤᠨ ᠤ ᠱᠠᠩᠬᠠᠢ ᠳᠤ ᠪᠤᠯᠤᠭᠰᠠᠨ ᠲᠡᠯᠡᠬᠡᠢ ᠶᠢᠨ ᠦᠵᠡᠰᠬᠦᠯᠡᠩ᠂ ᠲᠤᠮᠳᠠᠳᠤ ᠤᠯᠤᠰ ᠤᠨ ᠡᠪ ᠬᠠᠮᠳᠤ ᠨᠠᠮ ᠪᠠᠶᠢᠭᠤᠯᠤᠭᠳᠠᠭᠰᠠᠨ 90 ᠵᠢᠯ ᠤᠨ ᠤᠢ᠂ ᠬᠤᠪᠢᠯᠭᠠᠨ ᠤᠩᠭᠤᠴᠠ ᠶᠢᠰᠦᠳᠦᠬᠡᠷ ᠢ ᠬᠠᠷᠪᠤᠵᠤ ᠲᠡᠭᠷᠢ ᠶᠢᠨ ᠤᠷᠳᠤᠨ ᠨᠢᠬᠡᠳᠦᠬᠡᠷ ᠲᠠᠢ ᠠᠮᠵᠢᠯᠳᠠᠳᠠᠢ ᠵᠤᠯᠭᠠᠭᠤᠯᠤᠭᠰᠠᠨ᠂ ᠦᠪᠦᠷ ᠮᠤᠩᠭᠤᠯ ᠤᠨ ᠦᠪᠡᠷᠳᠡᠬᠡᠨ ᠵᠠᠰᠠᠬᠤ ᠤᠷᠤᠨ ᠪᠠᠶᠢᠭᠤᠯᠤᠭᠳᠠᠭᠰᠠᠨ 70 ᠵᠢᠯ ᠤᠨ ᠤᠢ᠂ ᠰᠢᠨ᠎ᠡ ᠳᠤᠮᠳᠠᠳᠤ ᠤᠯᠤᠰ ᠪᠠᠶᠢᠭᠤᠯᠤᠭᠳᠠᠭᠰᠠᠨ 70 ᠵᠢᠯ ᠤᠨ ᠤᠢ ᠵᠡᠷᠬᠡ ᠤᠯᠤᠰ ᠤᠷᠤᠨ ᠤ ᠲᠡᠦᠬᠡᠳᠦ ᠠᠴᠢ ᠬᠤᠯᠪᠤᠭᠳᠠᠯ ᠲᠠᠢ ᠬᠡᠷᠡᠭ ᠤᠴᠢᠷ ᠢ ᠲᠡᠮᠳᠡᠭᠯᠡᠭᠰᠡᠨ ᠳᠤᠮᠤ ᠳᠤᠮᠤ ᠲᠡᠮᠡᠬᠢᠨ ᠬᠠᠪᠳᠠᠭ᠎ᠠ ᠶᠢ ᠨᠠᠶᠢᠳᠠ 7 ᠤᠷᠠᠯᠠᠨ ᠪᠦᠳᠦᠬᠡᠪᠠ᠃ ᠡᠬᠦᠨ ᠳᠤ᠂ ᠲᠤᠮᠳᠠᠳᠤ ᠤᠯᠤᠰ ᠤᠨ ᠡᠪ ᠬᠠᠮᠳᠤ ᠨᠠᠮ ᠪᠠᠶᠢᠭᠤᠯᠤᠭᠳᠠᠭᠰᠠᠨ 90 ᠵᠢᠯ ᠤᠨ ᠤᠢ ᠶᠢ ᠪᠡᠯᠬᠡᠯᠡᠭᠰᠡᠨ 3.932 ᠮᠧᠲᠷ ᠤᠷᠳᠤ᠂ 0.9 ᠦᠷᠬᠡᠨ ᠲᠡᠮᠡᠬᠢᠨ ᠬᠠᠪᠳᠠᠭ᠎ᠠ ᠨᠢ ᠲᠡᠯᠡᠬᠡᠢ ᠶᠢᠨ ᠬᠢᠨᠢᠰ ᠤᠨ ᠲᠡᠮᠳᠡᠭᠯᠡᠯ ᠢ ᠡᠬᠦᠳᠦᠭᠰᠡᠨ ᠶᠤᠮ᠃
ᠰᠢᠨ᠎ᠠ ᠳᠤᠮᠳᠠᠳᠤ ᠤᠯᠤᠰ ᠲᠠᠢ ᠪᠠᠨ ᠨᠠᠰᠤ ᠰᠠᠴᠠᠭᠤ ᠰᠠᠴᠠᠨ ᠨᠠᠰᠤᠳᠠᠨ ᠮᠤᠩᠭᠤᠯ ᠦᠨᠳᠦᠰᠦᠳᠡᠨ ᠤ ᠲᠡᠮᠡᠬᠢᠨ ᠬᠠᠪᠳᠠᠭ᠎ᠠ ᠪᠠᠷ ᠢᠶᠠᠨ ᠡᠬᠡ ᠤᠯᠤᠰ ᠤᠨ ᠢᠶᠠᠨ ᠠᠤᠭ᠎ᠠ ᠬᠤᠪᠢᠷᠠᠯᠳᠠ ᠶᠢ ᠲᠡᠮᠳᠡᠭᠯᠡᠨ᠂ ᠤᠷᠠᠨ ᠭᠠᠷ ᠢᠶᠠᠷ ᠢᠶᠠᠨ ᠢᠷᠠᠭᠤ ᠠᠮᠢᠳᠤᠷᠠᠯ ᠢᠶᠠᠨ ᠵᠢᠷᠤᠭᠯᠠᠵᠤ ᠶᠠᠪᠤᠭ᠎ᠠ ᠨᠢ ᠪᠠᠰᠠ ᠨᠢᠭᠡᠨ ᠠᠵᠠ ᠵᠢᠷᠭᠠᠯ ᠭᠡᠯᠲᠡᠢ᠃ ᠰᠤᠷᠪᠤᠯᠵᠢᠯᠠᠭ᠎ᠠ ᠦᠨᠳᠦᠷᠯᠡᠬᠦ ᠳᠤ᠂ ᠨᠠᠰᠤᠳᠠᠨ ᠲᠤᠮᠳᠠᠳᠤ ᠤᠯᠤᠰ ᠤᠨ ᠡᠪ ᠬᠠᠮᠳᠤ ᠨᠠᠮ ᠪᠠᠶᠢᠭᠤᠯᠤᠭᠳᠠᠭᠰᠠᠨ 100 ᠵᠢᠯ ᠤᠨ ᠤᠢ ᠳᠤ ᠵᠤᠷᠢᠭᠤᠯᠤᠨ ᠪᠠᠰᠠ ᠨᠢᠬᠡᠨ ᠳᠤᠮᠤ ᠪᠦᠳᠦᠬᠡᠯ ᠭᠠᠷᠭᠠᠬᠤ ᠰᠠᠨᠠᠭ᠎ᠠ ᠪᠠᠨ ᠴᠤᠬᠤᠢᠢᠯᠭᠠᠵᠤ ᠪᠠᠶᠢᠯ᠎ᠠ᠃ ( ᠸᠠᠩ ᠲᠠᠨ᠎ᠠ)
0
0