ᠪᠢᠯᠵᠤᠤᠬᠠᠢ
ᠪᠢᠯᠵᠤᠤᠬᠠᠢ ᠶᠢᠨ ᠳᠠᠭᠤᠨ ᠢ ᠰᠣᠨᠣᠰᠤᠭᠠᠳ ᠣᠷᠭᠣᠭᠰᠠᠨ ᠪᠣᠳᠣᠯ
11884
2017-07-24 09:25
发表于:内蒙古
ᠪᠢᠯᠵᠤᠤᠬᠠᠢ
ᠡᠮᠡᠭᠡ ᠮᠢᠨᠢ ︽ ᠪᠣᠯᠵᠣᠣᠬᠠ︾ ᠭᠡᠳᠡᠭ ᠪᠠᠢᠢᠯ᠎ᠠ᠂ ᠡᠵᠢ ᠮᠢᠨᠢ ︽ᠪᠢᠯᠵᠦᠦᠬᠡ︾ ᠭᠡᠳᠡᠭ ᠪᠠᠢᠢᠭᠰᠠᠨ᠂ ᠪᠢᠳᠡ ᠪᠠᠭ᠎ᠠ ᠳᠠᠭᠠᠨ ︽ ᠪᠢᠯᠴᠤᠭᠠ︾ ᠭᠡᠵᠦ ᠪᠠᠢᠢᠵᠠᠢ᠃ ᠡᠮᠡᠭᠡ ᠪᠠ ᠡᠵᠢ ᠶᠢᠨ ᠮᠢᠨᠢ ᠬᠡᠯᠡᠵᠦ ᠪᠠᠢᠢᠭᠰᠠᠨ ᠢᠯᠡᠭᠦᠦ ᠬᠥᠭᠡᠷᠦᠬᠦᠨ ᠳᠠᠭᠤᠳᠠᠯᠭ᠎ᠠ ᠰᠢᠭ᠋ ᠰᠠᠨᠠᠭᠳᠠᠨ᠎ᠠ᠃ ᠪᠠᠢᠢᠭᠠᠯᠢ ᠶᠢ ᠬᠠᠢᠢᠷᠠᠯᠠᠬᠤ ᠰᠡᠳᠬᠢᠯᠭᠡ ᠨᠢ ᠢᠯᠡᠷᠡᠵᠦ ᠪᠠᠢᠢᠭᠰᠠᠨ ᠮᠠᠭᠠᠳ ᠭᠡᠵᠦ ᠭᠡᠨᠡᠳᠲᠡ ᠪᠣᠳᠣᠯ᠎ᠠ᠃ ᠪᠢᠳᠡᠨ ᠤ ᠳᠠᠭᠤᠳᠠᠯᠭ᠎ᠠ ᠡᠴᠡ ᠠᠯᠢᠶᠠᠬᠠᠨ ᠵᠠᠩ ᠮᠡᠳᠡᠷᠡᠭᠳᠡᠨ᠎ᠡ᠃ ︽ ᠪᠢᠯᠴᠤᠭᠠᠨ ᠥᠨᠳᠡᠭᠡ ︾ ᠭᠡᠳ ᠯᠠ ᠮᠣᠳᠣᠨ ᠳᠥ ᠮᠠᠴᠤᠵᠤ ᠭᠡᠷ ᠤᠨ ᠰᠠᠷᠠᠪᠴᠢ ᠶᠢ ᠣᠩᠭᠢᠴᠠᠬᠤ ᠳᠥ ᠡᠮᠡᠭᠡ ᠪᠣᠯᠣᠨ ᠡᠵᠢ ᠮᠢᠨᠢ ᠪᠢᠲᠡᠭᠡᠢ ᠠᠮᠢᠳᠠᠨ ᠤ ᠦᠷ᠎ᠡ ᠵᠤᠯᠵᠠᠭ᠎ᠠ ᠶᠢ ᠬᠣᠣᠷᠯᠠ ᠭᠡᠵᠦ ᠵᠠᠬᠢᠳᠠᠭ ᠪᠠᠢᠢᠯ᠎ᠠ᠃ ᠦᠭᠡ ᠠᠩᠬ᠎ᠠ ᠡᠭᠦᠰᠬᠦ ᠳᠡᠭᠡᠨ ᠠᠶ᠎ᠠ ᠳᠠᠭᠤ ᠪᠡᠷ ᠪᠣᠳᠣᠭᠰᠠᠨ ᠢᠶᠡᠨ ᠢᠯᠡᠳᠬᠡᠬᠦ ᠱᠠᠭᠠᠷᠳᠠᠯᠭ᠎ᠠ ᠡᠴᠡ ᠪᠣᠯᠣᠭᠰᠠᠨ ᠪᠢᠵᠡ︕ ᠲᠡᠢᠢᠮᠦ ᠳᠡᠭᠡᠨ ᠰᠡᠳᠬᠢᠯ ᠤᠨ ᠦᠩᠭᠡ ᠦᠭᠡᠨ ᠤ ᠦᠩᠭᠡ ᠪᠡᠷ ᠢᠯᠡᠷᠡᠳᠡᠭ ᠪᠠᠢᠢᠨ᠎ᠠ᠃ ᠪᠣᠯᠵᠣᠮᠤᠷ ᠰᠢᠪᠠᠭᠤᠬᠠᠢ ᠶᠢ ᠤᠷᠢᠳᠤ ᠶᠢᠨ ᠬᠥᠮᠥᠰ ᠪᠢᠯᠵᠠᠮᠠᠷ ᠱᠣᠪᠬᠠ ᠭᠡᠵᠦ ᠬᠡᠯᠡᠳᠡᠭ ᠪᠠᠢᠢᠭᠰᠠᠨ ᠨᠢ ᠵᠦᠭᠡᠷ ᠠᠮᠠᠨ ᠲᠠᠪᠠ ᠪᠡᠷ ᠢᠶᠡᠨ ᠶᠠᠷᠢᠭᠰᠠᠨ ᠦᠭᠡ ᠪᠢᠰᠢ ᠰᠢᠭ᠃ ᠦᠭᠡ ᠦᠭᠡᠷᠡᠲᠡᠬᠦ ᠬᠡᠯᠡ ᠠᠮᠠᠨ ᠤ ᠳᠥᠲᠡᠯᠡᠯ ᠡᠴᠡ ᠯᠡ ᠰᠢᠯᠲᠠᠭᠠᠯᠠᠳᠠᠭ ᠭᠡᠵᠦ ᠦᠵᠡᠵᠦ ᠪᠠᠢᠢᠭᠰᠠᠨ ᠮᠢᠨᠢ ᠠᠷᠠᠢ ᠥᠷᠥᠭᠡᠰᠦᠨ ᠲᠠᠯ᠎ᠠ ᠡᠴᠡ ᠰᠡᠳᠬᠢᠭᠰᠡᠨ ᠤᠴᠢᠷ ᠪᠣᠯᠪᠠ ᠤᠤ︖ ᠭᠡᠰᠡᠨ ᠪᠣᠳᠣᠯ ᠤᠷᠭᠤᠬᠤ ᠶᠤᠮ᠃
ᠪᠣᠯᠵᠤᠤᠬᠠ ᠪᠢᠯᠵᠦᠦᠬᠡ ᠪᠡᠷ ᠢᠶᠡᠨ ᠳᠠᠭᠤᠳᠠᠬᠤ ᠴᠦ ᠶᠤᠮ ᠤᠤ ᠳ᠋ᠡ⁉
ᠠᠪᠳᠠᠷᠠᠲᠠᠢ
6
0