ᠰᠠᠯᠬᠢ
ᠰᠠᠯᠬᠢ ᠬᠠᠠᠢᠷᠠ ᠨᠠᠠᠢᠷ ᠦᠭᠡᠢ ᠪᠠᠠᠢᠳᠠᠭ᠂ ᠭᠡᠲᠡᠯ᠎ᠡ ᠪᠠᠰᠠ ᠣᠶᠠᠬᠠᠠ ᠵᠦᠭᠡᠯᠠᠠ ᠪᠠᠠᠢᠳᠠᠭ ᠶᠤᠮ᠃
9947
2019-02-26 12:01
发表于:内蒙古
ᠰᠠᠯᠬᠢ
ᠤᠳᠤᠡᠬᠤᠸᠠᠷ
ᠬᠠᠠ ᠳᠡᠯᠡᠬᠡᠢ ᠳᠦ ᠰᠠᠯᠬᠢ ᠠᠶ᠎ᠠ ᠪᠠᠷ ᠢᠶᠠᠨ
ᠬᠠᠮᠤᠭ ᠪᠤᠳᠠᠰ ᠢ ᠢᠯᠪᠢᠵᠦ ᠢᠷᠡᠨ᠎ᠡ
ᠬᠠᠪᠢᠷᠭᠠᠠ ᠰᠠᠷ᠎ᠠ ᠶᠢ ᠪᠦᠪᠠᠢᠯᠠᠵᠤ
ᠬᠠᠷᠠᠵᠠᠠ ᠤ ᠤᠰᠤ ᠶᠢ ᠮᠡᠯᠮᠡᠷᠡᠭᠦᠯᠵᠦ ᠢᠷᠡᠨ᠎ᠡ
ᠠᠳᠤᠭᠤᠠ ᠤ ᠪᠡᠯᠴᠢᠭᠡᠷ ᠢᠶᠡᠷ ᠠᠶᠠᠯᠠᠭᠠᠤᠠ
ᠠᠭᠢ ᠶᠢᠨ ᠦᠨᠦᠷ ᠲᠡᠶ ᠢᠷᠡᠨ᠎ᠡ
ᠤᠶᠠᠭᠠᠳᠠᠢ ᠮᠤᠷᠢᠡ ᠤ ᠳᠦᠷᠦᠭᠡᠠ ᠳᠤ ᠢᠰᠬᠢᠷᠴᠦ
ᠤᠶᠠᠬᠠᠠ ᠵᠦᠭᠡᠯᠡᠠ ᠢᠷᠡᠨ᠎ᠡ
ᠰᠠᠷᠠᠭᠤᠯ ᠮᠤᠩᠭᠤᠯ ᠨᠤᠳᠤᠬ ᠲᠤ ᠤᠶᠠᠩᠭᠠᠯᠠᠵᠤ
ᠰᠢᠯᠦᠭ ᠨᠠᠢᠷᠠᠭ ᠰᠢᠭ᠋ ᠢᠷᠡᠨ᠎ᠡ
ᠰᠠᠭᠠᠯᠴᠢᠡ ᠪᠦᠰᠡᠭᠦᠢ ᠶᠢᠨ ᠡᠩᠭᠡᠷ ᠲᠦ ᠪᠦᠵᠢᠭᠯᠡᠵᠤ
ᠰᠦᠡ ᠤ ᠦᠨᠦᠷ ᠲᠡᠶ ᠢᠷᠡᠨ᠎ᠡ
ᠡᠷᠳᠡᠯᠡᠬᠦ ᠮᠠᠯᠴᠢᠤᠠ ᠤ᠋ᠡ ᠬᠠᠴᠠᠷ ᠢ ᠳᠠᠭᠠᠯᠠᠵᠤ
ᠦᠷ ᠦᠨ ᠳᠤᠶᠠᠭ᠎ᠠ ᠲᠠᠶ ᠢᠷᠡᠨ᠎ᠡ
ᠦᠡᠳᠦᠷ ᠲᠦ ᠨᠢᠰᠬᠦ ᠰᠢᠪᠠᠭᠤᠤᠠ ᠲᠠᠶ ᠳᠤᠭᠯᠠᠵᠤ
ᠤᠷᠠᠠ ᠵᠢᠷᠭᠢᠶ᠎ᠡ ᠲᠡᠶ ᠨᠢ ᠢᠷᠡᠨ᠎ᠡ
ᠳᠦᠯᠵᠢᠬᠦ ᠬᠠᠪᠤᠷ ᠤᠨ ᠴᠠᠭ ᠪᠡᠷ ᠳᠡᠭᠳᠡᠵᠤ
ᠳᠦᠯ ᠦᠨ ᠳᠠᠭᠤ ᠲᠠᠶ ᠨᠢᠯᠬᠠᠷᠠᠵᠤ ᠢᠷᠡᠨ᠎ᠡ
ᠳᠦᠷᠪᠡᠡ ᠤᠯᠠᠷᠢᠯ ᠤᠨ ᠦᠩᠭᠡ ᠳᠠᠭᠠᠵᠤ
ᠳᠡᠭᠷᠢ ᠡᠵᠢ ᠶᠢᠨ ᠮᠢᠨᠢ ᠦᠨᠦᠰᠦᠯᠳᠡ ᠰᠢᠭ ᠢᠷᠡᠳᠡᠭ ᠡ
ᠳᠦᠯᠵᠢᠬᠦ ᠬᠠᠪᠤᠷ ᠤᠨ ᠴᠠᠭ ᠪᠡᠷ ᠳᠡᠭᠳᠡᠵᠤ
ᠳᠦᠯ ᠦᠨ ᠳᠠᠭᠤ ᠲᠠᠶ ᠨᠢᠯᠬᠠᠷᠠᠵᠤ ᠢᠷᠡᠨ᠎ᠡ
ᠳᠦᠷᠪᠡᠡ ᠤᠯᠠᠷᠢᠯ ᠤᠨ ᠦᠩᠭᠡ ᠳᠠᠭᠠᠵᠤ
ᠳᠡᠭᠷᠢ ᠡᠵᠢ ᠶᠢᠨ ᠮᠢᠨᠢ ᠦᠨᠦᠰᠦᠯᠳᠡ ᠰᠢᠭ ᠢᠷᠡᠳᠡᠭ ᠡ
2019.1 ᠰᠠᠷ᠎ᠠ
4
0